ᠡᠩᠬᠡ ᠶᠢ ᠳᠡᠮᠵᠢᠬᠦ ᠠᠵᠢᠯᠯᠠᠭᠠᠨ ᠤ ᠣᠯᠠᠨ ᠤᠯᠤᠰ ᠤᠨ 《ᠬᠠᠭᠠᠨ ᠡᠷᠢᠯ ᠳᠦ-2024》 ᠰᠤᠷᠭᠠᠭᠤᠯᠢ ᠡᠬᠢᠯᠡᠯ᠎ᠡ᠃ ᠮᠣᠩᠭᠣᠯ ᠤᠯᠤᠰ ᠤᠨ ᠵᠡᠪᠰᠡᠭᠲᠦ ᠬᠦᠴᠦᠨ ᠨᠢ ᠡᠨᠡᠳᠬᠡᠭ᠂ ᠨᠣᠮᠣᠬᠠᠨ ᠳᠠᠯᠠᠢ ᠳ᠋ᠡᠬᠢ ᠠᠮᠧᠷᠢᠺᠠ ᠶᠢᠨ ᠨᠢᠭᠡᠳᠦᠭᠰᠡᠨ ᠤᠯᠤᠰ ᠤᠨ ᠵᠡᠪᠰᠡᠭᠲᠦ ᠬᠦᠴᠦᠨ ᠲᠡᠢ ᠬᠠᠮᠲᠤᠷᠠᠨ 《ᠬᠠᠭᠠᠨ ᠤ ᠡᠷᠢᠯ ᠳᠦ》ᠡᠩᠬᠡ ᠶᠢ ᠳᠡᠮᠵᠢᠬᠦ ᠠᠵᠢᠯᠯᠠᠭᠠᠨ ᠤ ᠰᠤᠷᠭᠠᠭᠤᠯᠢ ᠶᠢ 2003 ᠣᠨ ᠠᠴᠠ ᠬᠣᠶᠠᠷ ᠲᠠᠯ᠎ᠠ ᠶᠢᠨ ᠰᠤᠷᠭᠠᠭᠤᠯᠢ ᠬᠡᠯᠪᠡᠷᠢ ᠪᠡᠷ ᠵᠣᠬᠢᠶᠠᠨ ᠪᠠᠶᠢᠭᠤᠯᠵᠤ ᠡᠬᠢᠯᠡᠭᠰᠡᠨ ᠪᠥᠭᠡᠳ 2006 ᠣᠨ ᠠᠴᠠ ᠣᠯᠠᠨ ᠤᠯᠤᠰ ᠤᠨ ᠰᠤᠷᠭᠠᠯᠲᠠ᠂ ᠳᠠᠳᠤᠯᠭ᠎ᠠ ᠪᠣᠯᠭᠠᠨ ᠥᠷᠭᠡᠵᠢᠭᠦᠯᠵᠦ ᠵᠣᠬᠢᠶᠠᠨ ᠪᠠᠶᠢᠭᠤᠯᠵᠤ ᠪᠠᠶᠢᠨ᠎ᠠ᠃
ᠡᠨᠡ ᠤᠳᠠᠭ᠎ᠠ ᠶᠢᠨ ᠰᠤᠷᠭᠠᠭᠤᠯᠢ ᠳᠤ᠂ ᠠᠮᠧᠷᠢᠺᠠ᠂ ᠠᠦᠢᠰᠲᠷᠠᠯᠢᠶ᠎ᠠ᠂ ᠺᠠᠨᠠᠳᠠ᠂ ᠶᠠᠫᠣᠨ᠂ ᠹᠢᠯᠢᠫᠢᠨ᠂ ᠢᠨᠳᠥᠨᠧᠽ᠂ ᠸᠢᠶᠧᠲ᠋ᠨᠠᠮ ᠵᠡᠷᠭᠡ 7 ᠣᠷᠣᠨ ᠠᠴᠠ ᠰᠤᠷᠭᠠᠭᠴᠢ ᠪᠠᠭᠰᠢ ᠨᠠᠷ ᠤᠨ ᠪᠦᠯᠦᠭ᠂ ᠰᠠᠯᠠᠭᠠᠳ ᠤᠨ ᠬᠡᠭᠡᠷ᠎ᠡ ᠶᠢᠨ ᠰᠤᠷᠭᠠᠭᠤᠯᠢ ᠳᠤ ᠠᠮᠧᠷᠢᠺᠠ ᠂ ᠬᠢᠲᠠᠳ ᠂ ᠪᠦᠭᠦᠳᠡ ᠨᠠᠢᠷᠠᠮᠳᠠᠬᠤ ᠰᠤᠯᠤᠩᠭᠤᠰ ᠤᠯᠤᠰ᠂ ᠲᠦᠷᠺ᠂ ᠡᠨᠡᠳᠬᠡᠭ᠂ ᠶᠠᠫᠣᠨ︵2 ᠰᠠᠯᠠᠭ᠎ᠠ︶᠂ ᠺᠠᠲ᠋ᠠᠷ᠂ ᠮᠣᠩᠭᠣᠯ ᠵᠡᠷᠭᠡ 10 ᠤᠯᠤᠰ ᠤᠨ ᠨᠡᠶᠢᠲᠡ 11 ᠰᠠᠯᠠᠭᠠᠨ ᠤ ᠪᠦᠷᠢᠯᠳᠦᠬᠦᠨ᠂ ᠰᠠᠦ᠋ᠳᠢ ᠶᠢᠨ ᠠᠷᠠᠪ᠂ ᠠᠷᠠᠪ ᠤᠨ ᠨᠢᠭᠡᠳᠦᠭᠰᠡᠨ ᠡᠮᠢᠷᠠᠲ ᠤᠯᠤᠰ᠂ ᠺᠤᠸᠠᠢᠲ᠂ ᠶᠧᠵᠢᠫᠲ ᠂ ᠫᠠᠺᠢᠰᠲ᠋ᠠᠨ ᠤᠯᠤᠰ ᠠᠵᠢᠭᠯᠠᠭᠴᠢ ᠪᠠᠷ ᠨᠡᠶᠢᠲᠡ 20 ᠤᠯᠤᠰ ᠤᠨ 460 ᠭᠠᠷᠤᠢ ᠣᠷᠣᠯᠴᠠᠭᠴᠢ ᠬᠠᠮᠤᠷᠤᠭᠳᠠᠵᠤ ᠪᠠᠶᠢᠨ᠎ᠠ᠃