ᠫᠠᠷᠢᠰ ᠤᠨ ᠤᠯᠢᠮᠫᠢᠺ ᠤᠨ ᠡᠮᠡᠭᠲᠡᠶᠢᠴᠦᠳ ᠦᠨ 48 ᠺᠢᠯᠦᠭᠷᠡᠮ ᠤᠨ ᠵᠢᠩ ᠳᠦ ᠪ∙ᠪᠠᠰᠠᠩᠬᠦᠦ ᠥᠷᠢᠰᠦᠯᠳᠦᠵᠦ᠂ ᠮᠥᠩᠭᠥᠨ ᠮᠧᠳᠠᠯ ᠬᠦᠷᠲᠡᠭᠡᠳ ᠪᠠᠶᠢᠭ᠎ᠠ ᠶᠤᠮ᠃ ᠲᠡᠷᠡᠪᠡᠷ᠄ ᠠᠩᠬᠠᠨ ᠤ ᠤᠯᠢᠮᠫᠢᠺ ᠤᠨ ᠮᠥᠩᠭᠥᠨ ᠮᠧᠳᠠᠯ ᠠᠪᠤᠭᠰᠠᠨ ᠳᠤ ᠪᠠᠨ ᠮᠠᠰᠢ ᠶᠡᠬᠡ ᠪᠠᠶᠠᠷᠲᠠᠢ ᠪᠠᠶᠢᠨ᠎ᠠ᠃ ᠦᠷᠭᠦᠯᠵᠢ ᠲᠤᠰᠠᠯᠠᠵᠤ ᠳᠡᠮᠵᠢᠳᠡᠭ ᠬᠠᠮᠲᠤ ᠣᠯᠠᠨ᠂ ᠪᠠᠭᠰᠢ ᠨᠠᠷ᠂ ᠭᠡᠷ ᠪᠦᠯᠢ᠂ ᠮᠣᠩᠭᠣᠯ ᠤᠨ ᠢᠶᠠᠨ ᠠᠷᠠᠳ ᠲᠦᠮᠡᠨ ᠳᠦ ᠪᠠᠶᠠᠷᠯᠠᠯ᠎ᠠ ᠭᠡᠪᠡ᠃
ᠪ∙ᠪᠠᠰᠠᠩᠬᠦᠦ ᠤᠯᠢᠮᠫᠢᠺ ᠤᠨ ᠮᠥᠩᠭᠥᠨ ᠮᠧᠳᠠᠯ ᠬᠦᠷᠲᠡᠭᠰᠡᠨ ᠮᠣᠩᠭᠣᠯ ᠤᠯᠤᠰ ᠤᠨ ᠠᠷᠪᠠᠨ ᠬᠤᠶᠠᠳᠤᠭᠠᠷ ᠲᠠᠮᠢᠷᠴᠢᠨ᠂ ᠵᠢᠦᠳᠣ᠋ ᠪᠥᠬᠡ ᠶᠢᠨ ᠰᠫᠣᠷᠲ ᠤᠨ ᠲᠡᠦᠬᠡᠨ ᠳᠦ ᠲᠠᠪᠤᠳᠠᠬᠢ ᠲᠠᠮᠢᠷᠴᠢᠨ᠂ ᠡᠮᠡᠭᠲᠡᠢ ᠵᠢᠤᠳᠤᠤᠴᠢᠳ ᠤᠨ ᠤᠯᠢᠫᠢᠺ ᠤᠨ ᠮᠥᠩᠭᠥᠨ ᠮᠧᠳᠠᠯ ᠲᠠᠢ ᠬᠤᠶᠠᠳᠠᠬᠢ ᠪᠥᠬᠡ ᠪᠣᠯᠵᠤ ᠪᠠᠶᠢᠨ᠎ᠠ᠃ ᠮᠥᠨ ᠮᠣᠩᠭᠣᠯ ᠤᠨ ᠵᠢᠦᠳᠣ᠋ ᠪᠥᠬᠡ ᠶᠢᠨ ᠪᠠᠭ ᠲᠠᠮᠢᠷᠴᠢᠳ ᠤᠯᠢᠮᠫᠢᠺ ᠤᠨ ᠨᠠᠭᠠᠳᠤᠮ ᠠᠴᠠ ᠠᠩᠬᠠᠯᠠᠨ ᠮᠧᠳᠠᠯ ᠬᠦᠷᠲᠡᠭᠰᠡᠨ ᠠᠴᠠ ᠬᠣᠶᠢᠰᠢ 44 ᠵᠢᠯ ᠦᠨ ᠳᠠᠷᠠᠭ᠎ᠠ ᠤᠯᠢᠮᠫᠢᠺ ᠤᠨ ᠮᠧᠳᠠᠯᠲᠠᠨ ᠪᠣᠯᠤᠭᠰᠠᠨ ᠲᠣᠮᠣ ᠭᠠᠪᠢᠶᠠᠨ ᠤ ᠡᠵᠡᠨ ᠪᠣᠯᠤᠯ᠎ᠠ᠃