ᠳᠣᠷᠣᠨᠠᠲᠤ ᠠᠶᠢᠮᠠᠭ ᠤᠨ ᠮᠠᠲᠠᠳ᠂ ᠬᠠᠯᠬ᠎ᠠ ᠭᠣᠣᠯ ᠰᠤᠮᠤ ᠶᠢᠨ ᠵᠠᠭᠠᠭ ᠲᠤ᠂ ᠠᠶᠢᠮᠠᠭ ᠤᠨ ᠲᠥᠪ ᠡᠴᠡ ᠤᠷᠤᠭᠰᠢ 240 ᠺᠢᠯᠣᠮᠧᠲ᠋ᠷ ᠳᠦ ᠰᠠᠩ ᠤᠨ ᠳᠠᠯᠠᠢ ᠨᠠᠭᠤᠷ ᠣᠷᠣᠰᠢᠳᠠᠭ᠃ 3 ᠺᠢᠯᠣᠮᠧᠲ᠋ᠷ ᠤᠷᠲᠤ᠂ 2 ᠺᠢᠯᠣᠮᠧᠲ᠋ᠷ ᠥᠷᠭᠡᠨ ᠡᠨᠡ ᠨᠠᠭᠤᠷ ᠪᠣᠷᠣᠭᠠᠨ ᠤ ᠪᠣᠯᠤᠨ ᠬᠥᠷᠦᠰᠦᠨ ᠦ ᠤᠰᠤ ᠪᠠᠷ ᠲᠡᠵᠢᠭᠡᠭᠳᠡᠳᠡᠭ᠃ ᠨᠠᠭᠤᠷ ᠤᠨ ᠪᠦᠬᠦ ᠲᠠᠯᠠᠪᠠᠢ ᠶᠢ 40-50 ᠰᠠᠨᠲ᠋ᠢᠮᠧᠲ᠋ᠷ ᠵᠤᠵᠠᠭᠠᠨ ᠳᠠᠪᠤᠰᠤ ᠪᠦᠷᠬᠦᠭᠰᠡᠨ ᠪᠠᠶᠢᠳᠠᠭ ᠃
ᠮᠣᠩᠭᠣᠯ ᠣᠷᠣᠨ ᠳᠤ 170 ᠭᠠᠷᠤᠢ ᠳᠠᠪᠤᠰᠤ ᠲᠠᠢ ᠨᠠᠭᠤᠷ ᠪᠠᠶᠢᠳᠠᠭ ᠠᠴᠠ ᠰᠠᠩ ᠤᠨ ᠳᠠᠯᠠᠢ ᠨᠠᠭᠤᠷ ᠲᠣᠮᠣᠬᠠᠨ ᠳᠤ ᠲᠣᠭᠠᠴᠠᠭᠳᠠᠨ᠎ᠠ᠃ ᠲᠡᠨᠳᠡ 1943-1976 ᠣᠨ ᠳᠤ ᠮᠣᠩᠭᠣᠯ᠂ ᠵᠥᠪᠯᠡᠯᠲᠦ ᠶᠢᠨ ᠬᠢᠮᠢ᠂ ᠭᠧᠣᠯᠣᠭᠢ ᠶᠢᠨ 10 ᠭᠠᠷᠤᠢ ᠡᠷᠳᠡᠮᠲᠡᠨ ᠰᠤᠳᠤᠯᠭ᠎ᠠ ᠬᠢᠵᠦ᠂ ᠨᠠᠭᠤᠷ ᠠᠴᠠ ᠤᠰᠤᠨ ᠰᠠᠩ ᠤᠨ ᠠᠷᠭ᠎ᠠ ᠪᠠᠷ ᠪᠠᠢᠭᠠᠯᠢ ᠶᠢᠨ ᠴᠡᠪᠡᠷ ᠬᠣᠭᠣᠯᠠᠨ ᠤ ᠳᠠᠪᠤᠰᠤ ᠭᠠᠷᠭᠠᠨ ᠠᠪᠬᠤ ᠪᠣᠯᠤᠮᠵᠢ ᠲᠠᠢ ᠭᠡᠵᠦ ᠳᠤᠷᠠᠳᠴᠠᠢ᠃