ᠰᠢᠨ᠎ᠡ ᠬᠠᠷᠠᠬᠣᠷᠣᠮ ᠬᠣᠲᠠ ᠶᠢᠨ ᠶᠡᠷᠦᠩᠬᠡᠢ ᠲᠥᠯᠦᠪᠯᠡᠭᠡᠨ ᠦ ᠰᠣᠩᠭᠣᠨ ᠰᠢᠯᠭᠠᠷᠠᠭᠤᠯᠤᠯᠲᠠ ᠬᠢᠨ᠎ᠡ | News.MN

ᠰᠢᠨ᠎ᠡ ᠬᠠᠷᠠᠬᠣᠷᠣᠮ ᠬᠣᠲᠠ ᠶᠢᠨ ᠶᠡᠷᠦᠩᠬᠡᠢ ᠲᠥᠯᠦᠪᠯᠡᠭᠡᠨ ᠦ ᠰᠣᠩᠭᠣᠨ ᠰᠢᠯᠭᠠᠷᠠᠭᠤᠯᠤᠯᠲᠠ ᠬᠢᠨ᠎ᠡ

ᠰᠢᠨ᠎ᠡ ᠬᠠᠷᠠᠬᠣᠷᠣᠮ ᠬᠣᠲᠠ ᠶᠢᠨ ᠪᠦᠲᠦᠭᠡᠨ ᠪᠠᠶᠢᠭᠤᠯᠤᠯᠲᠠ ᠶᠢᠨ ᠠᠰᠠᠭᠤᠳᠠᠯ ᠬᠠᠷᠢᠭᠤᠴᠠᠭᠰᠠᠨ ᠵᠠᠬᠢᠷᠭᠠᠨ ᠠᠴᠠ ᠲᠤᠰ ᠬᠣᠲᠠ ᠶᠢᠨ ᠶᠡᠷᠦᠩᠬᠡᠢ ᠲᠥᠯᠦᠪᠯᠡᠭᠡᠨ ᠦ ᠣᠯᠠᠨ ᠤᠯᠤᠰ ᠤᠨ ᠰᠣᠩᠭᠣᠨ ᠰᠢᠯᠭᠠᠷᠠᠭᠤᠯᠤᠯᠲᠠ ᠳᠤ ᠲᠡᠩᠴᠡᠭᠰᠡᠨ ᠰᠢᠯᠢᠳᠡᠭ ᠪᠦᠲᠦᠭᠡᠯ ᠦᠳ ᠢ ᠣᠯᠠᠨ ᠨᠡᠶᠢᠲᠡ ᠳᠦ ᠲᠠᠨᠢᠯᠴᠠᠭᠤᠯᠵᠤ᠂ ᠰᠠᠨᠠᠯ ᠠᠪᠤᠨ᠎ᠠ᠃ ᠲᠣᠳᠣᠷᠠᠭᠤᠯᠪᠠᠯ᠂ ᠡᠨᠡ ᠰᠠᠷ᠎ᠠ ᠶᠢᠨ 25-31 ᠤ ᠬᠣᠭᠣᠷᠣᠨᠳᠣ ᠴᠠᠬᠢᠮ ᠤᠷᠴᠢᠨ ᠳᠤ https᠄//www.facebook.com/Kharkhorumcity ᠬᠠᠭᠤᠳᠠᠰᠤ ᠪᠠᠷ᠂ ᠮᠥᠨ ᠡᠨᠡ ᠰᠠᠷ᠎ᠠ ᠶᠢᠨ 28-31  ᠦ ᠡᠳᠦᠷ ᠦᠨ ᠬᠣᠭᠣᠷᠣᠨᠳᠣ ᠬᠣᠲᠠ ᠲᠥᠯᠥᠪᠯᠡᠯᠲᠡ ᠶᠢᠨ ᠣᠯᠠᠨ ᠤᠯᠤᠰ ᠤᠨ ᠦᠵᠡᠰᠬᠦᠯᠡᠩ ᠢ ᠵᠣᠬᠢᠶᠠᠨ ᠪᠠᠶᠢᠭᠤᠯᠵᠤ᠂ ᠣᠯᠠᠨ ᠨᠡᠶᠢᠲᠡ ᠡᠴᠡ ᠰᠠᠨᠠᠯ ᠠᠪᠬᠤ ᠪᠠᠷ ᠲᠥᠯᠥᠪᠯᠡᠵᠡᠢ᠃ ᠬᠣᠲᠠ ᠲᠥᠯᠥᠪᠯᠡᠯᠲᠡ ᠶᠢᠨ ᠣᠯᠠᠨ ᠤᠯᠤᠰ ᠤᠨ ᠦᠵᠡᠰᠬᠦᠯᠡᠩ ᠳᠦ ᠬᠣᠶᠠᠳᠤᠭᠠᠷ ᠱᠠᠲᠤᠨ ᠳᠤ ᠲᠡᠩᠴᠡᠭᠰᠡᠨ 36 ᠪᠠᠭ ᠤᠨ ᠲᠥᠯᠥᠭᠡᠯᠡᠯ ᠪᠣᠯᠬᠤ 100 ᠭᠠᠷᠤᠢ ᠬᠣᠲᠠ ᠲᠥᠯᠥᠪᠯᠡᠭᠴᠢ᠂ ᠰᠢᠯᠢᠳᠡᠭ ᠠᠷᠬᠢᠲ᠋ᠧᠺᠲ᠋ᠣᠷ ᠣᠷᠣᠯᠴᠠᠵᠤ᠂ ᠥᠪᠡᠷᠰᠡᠳ ᠦᠨ ᠪᠦᠲᠦᠭᠡᠯ ᠢᠶᠡᠷ ᠢᠯᠡᠳᠬᠡᠯ᠂ ᠲᠠᠨᠢᠯᠴᠠᠭᠤᠯᠭ᠎ᠠ ᠬᠢᠬᠦ ᠪᠥᠭᠡᠳ ᠰᠢᠯᠢᠳᠡᠭ ᠲᠠᠪᠤᠨ ᠪᠠᠭ ᠤᠨ ᠪᠦᠲᠦᠭᠡᠯ ᠢ ᠨᠠᠢ᠌ᠮᠠᠳᠤᠭᠠᠷ ᠰᠠᠷ᠎ᠠ ᠶᠢᠨ ᠨᠢᠭᠡᠨ ᠦ ᠡᠳᠦᠷ ᠰᠢᠯᠭᠠᠷᠠᠭᠤᠯᠬᠤ ᠶᠤᠮ᠃

ᠰᠣᠩᠭᠣᠨ ᠰᠢᠯᠭᠠᠷᠠᠭᠤᠯᠤᠯᠲᠠ ᠳᠤ ᠣᠷᠣᠯᠴᠠᠭᠴᠢᠳ ᠤᠨ ᠪᠦᠲᠦᠭᠡᠯ ᠢ ᠰᠢᠭᠦᠬᠦ ᠰᠢᠭᠦᠭᠴᠢᠳ ᠦᠨ ᠪᠦᠷᠢᠯᠳᠦᠬᠦᠨ ᠢ ᠥᠩᠭᠡᠷᠡᠭᠰᠡᠨ ᠳᠥᠷᠪᠡᠳᠦᠭᠡᠷ ᠰᠠᠷ᠎ᠠ ᠶᠢᠨ 22  ᠠᠴᠠ ᠲᠠᠪᠤᠳᠤᠭᠠᠷ ᠰᠠᠷ᠎ᠠ ᠶᠢᠨ 21  ᠦ ᠡᠳᠦᠷ ᠦᠨ ᠬᠣᠭᠣᠷᠣᠨᠳᠣ ᠨᠡᠭᠡᠭᠡᠯᠲᠡ ᠲᠡᠢ ᠰᠣᠩᠭᠣᠨ ᠰᠢᠯᠭᠠᠷᠠᠭᠤᠯᠵᠤ᠂ ᠠᠮᠧᠷᠢᠺᠠ ᠂ ᠪᠦᠭᠦᠳᠡ ᠨᠠᠢᠷᠠᠮᠳᠠᠬᠤ ᠰᠤᠯᠤᠩᠭᠤᠰ ᠤᠯᠤᠰ᠂ ᠫᠤᠯᠠᠨᠳ᠋᠂ ᠭᠧᠷᠮᠠᠨ ᠵᠡᠷᠭᠡ ᠣᠷᠣᠨ ᠤ ᠰᠢᠯᠢᠳᠡᠭ ᠬᠣᠲᠠ ᠲᠥᠯᠥᠪᠯᠡᠭᠴᠢ᠂ ᠠᠷᠬᠢᠲ᠋ᠧᠺᠲ᠋ᠣᠷ ᠮᠡᠷᠭᠡᠵᠢᠯ ᠲᠡᠢ ᠰᠢᠭᠦᠭᠴᠢᠳ ᠲᠡᠢ ᠬᠠᠮᠲᠤᠷᠠᠨ ᠠᠵᠢᠯᠯᠠᠵᠤ ᠪᠠᠶᠢᠭ᠎ᠠ ᠶᠢ ᠶᠡᠷᠦᠩᠬᠡᠶᠢᠯᠡᠭᠴᠢ ᠶᠢᠨ ᠡᠳ᠋  ᠦᠨ ᠵᠠᠰᠠᠭ ᠤᠨ ᠪᠣᠳᠣᠯᠭ᠎ᠠ ᠶᠢᠨ ᠵᠥᠪᠯᠡᠬᠦ ᠪ ∙ ᠳᠠᠸᠠᠳᠠᠯᠠᠢ ᠮᠡᠳᠡᠭᠡᠯᠡᠪᠡ᠃

ᠮᠣᠩᠭᠣᠯ ᠤᠯᠤᠰ ᠤᠨ ᠶᠡᠷᠦᠩᠬᠡᠶᠢᠯᠡᠭᠴᠢ ᠤ᠊ ∙ ᠬᠦᠷᠡᠯᠰᠦ᠋ᠬᠡ ᠡᠷᠲᠡᠨ ᠦ ᠨᠡᠶᠢᠰᠯᠡᠯ ᠬᠠᠷᠠᠬᠣᠷᠣᠮ ᠬᠣᠲᠠ ᠶᠢ ᠰᠡᠷᠭᠦᠭᠡᠨ ᠪᠠᠶᠢᠭᠤᠯᠬᠤ ᠶᠢ ᠵᠠᠰᠠᠭ ᠤᠨ ᠭᠠᠵᠠᠷ ᠲᠤ ᠴᠢᠭᠯᠡᠯ ᠪᠣᠯᠭᠠᠵᠤ᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 111 ᠵᠢᠯ ᠦᠨ ᠣᠢ ᠶᠢᠨ ᠡᠳᠦᠷ ᠪᠤᠶᠤ 2022 ᠣᠨ ᠤ 12 ᠳ᠋ᠤᠭᠠᠷ ᠰᠠᠷ᠎ᠠ ᠶᠢᠨ 29  ᠦ ᠡᠳᠦᠷ ᠵᠠᠷᠯᠢᠭ ᠭᠠᠷᠭᠠᠭᠰᠠᠨ ᠪᠢᠯᠡ᠃

ᠳᠡᠯᠡᠬᠡᠢ ᠶᠢᠨ ᠤᠯᠤᠰ ᠣᠷᠣᠨ ᠨᠤᠭᠤᠳ ᠰᠢᠨ᠎ᠡ ᠪᠡᠷ ᠪᠠᠶᠢᠭᠤᠯᠵᠤ ᠪᠤᠢ ᠬᠣᠲᠠ ᠶᠢᠨ ᠢᠶᠠᠨ ᠬᠥᠭᠵᠢᠯ ᠦᠨ ᠶᠡᠷᠦᠩᠬᠡᠢ ᠲᠥᠯᠥᠪᠯᠡᠭᠡ ᠶᠢ ᠪᠣᠯᠪᠠᠰᠤᠷᠠᠭᠤᠯᠬᠤ ᠳᠤ ᠪᠠᠨ ᠢᠷᠡᠭᠡᠳᠦᠢ ᠶᠢᠨ ᠬᠥᠭᠵᠢᠯ ᠦᠨ ᠴᠢᠭ ᠬᠠᠨᠳᠤᠯᠭ᠎ᠠ᠂ ᠬᠣᠲᠠ ᠲᠥᠯᠥᠪᠯᠡᠯᠲᠡ ᠶᠢᠨ ᠲᠤᠷᠰᠢᠯᠭ᠎ᠠ᠂ ᠰᠢᠨᠡᠯᠡᠭ ᠰᠠᠨᠠᠭ᠎ᠠ᠂ ᠰᠢᠢᠳᠦᠯ ᠢ ᠲᠤᠰᠬᠠᠬᠤ ᠵᠣᠷᠢᠯᠭ᠎ᠠ ᠪᠠᠷ ᠣᠯᠠᠨ ᠤᠯᠤᠰ ᠤᠨ ᠨᠡᠭᠡᠭᠡᠯᠲᠡ ᠲᠡᠢ ᠤᠷᠤᠯᠳᠤᠭᠠᠨ ᠢ ᠵᠣᠬᠢᠶᠠᠨ ᠪᠠᠶᠢᠭᠤᠯᠵᠤ᠂ ᠦᠵᠡᠯ ᠪᠠᠷᠢᠮᠲᠠᠯᠠᠯ ᠢᠶᠠᠨ ᠲᠣᠳᠣᠷᠬᠠᠶᠢᠯᠠᠳᠠᠭ ᠢ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ ᠤᠨ ᠬᠡᠪᠯᠡᠯ ᠮᠡᠳᠡᠭᠡᠯᠡᠯ ᠦᠨ ᠠᠯᠪᠠᠨ ᠤ ᠳᠠᠷᠤᠭ᠎ᠠ ᠥ᠊ ∙ ᠵᠣᠯᠪᠠᠶᠠᠷ ᠣᠨᠴᠠᠯᠠᠭᠠᠳ᠂ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ 《ᠡᠷᠲᠡᠨ ᠦ ᠨᠡᠶᠢᠰᠯᠡᠯ ᠬᠠᠷᠠᠬᠣᠷᠣᠮ ᠢ ᠰᠡᠷᠭᠦᠭᠡᠨ ᠪᠠᠶᠢᠭᠤᠯᠬᠤ ᠲᠤᠬᠠᠢ》 ᠵᠠᠷᠯᠢᠭ ᠨᠢ ᠢᠷᠭᠡᠳ ᠦᠨ ᠡᠷᠡᠭᠦᠯ᠂ ᠠᠶᠤᠯᠭᠦᠢ ᠤᠷᠴᠢᠨ ᠳᠤ ᠠᠮᠢᠳᠤᠷᠠᠬᠤ ᠨᠥᠬᠥᠴᠡᠯ ᠢ ᠪᠦᠷᠢᠳᠦᠭᠦᠯᠬᠦ᠂ ᠨᠡᠶᠢᠭᠡᠮ ᠤᠨ ᠰᠠᠭᠤᠷᠢ ᠦᠢᠯᠡᠴᠢᠯᠡᠭᠡᠨ ᠦ ᠬᠦᠷᠲᠡᠭᠡᠮᠵᠢ ᠶᠢ ᠨᠡᠮᠡᠬᠦ᠂ ᠲᠥᠪᠯᠡᠷᠡᠯ ᠢ ᠰᠠᠭᠠᠷᠠᠭᠤᠯᠬᠤ᠂ ᠪᠥᠰᠡ ᠨᠤᠲᠤᠭ ᠤᠨ ᠬᠥᠭᠵᠢᠯ ᠦᠨ ᠲᠡᠩᠴᠡᠪᠦᠷᠢ ᠲᠡᠢ ᠪᠠᠶᠢᠳᠠᠯ ᠢ ᠬᠠᠩᠭᠠᠬᠤ᠂ ᠲᠥᠷᠥᠳᠦ ᠶᠣᠰᠣᠨ ᠤ ᠪᠠᠨ ᠦᠨᠡᠲᠦ ᠥᠪ ᠢ ᠪᠡᠬᠢᠵᠢᠭᠦᠯᠬᠦ᠂ ᠲᠡᠦᠬᠡ ᠰᠤᠶᠤᠯ ᠢᠶᠠᠨ ᠰᠡᠷᠭᠦᠭᠡᠬᠦ ᠵᠣᠷᠢᠯᠭ᠎ᠠ ᠲᠠᠢ ᠬᠡᠮᠡᠪᠡ᠃

ᠡᠨᠡ ᠬᠦ ᠣᠯᠠᠨ ᠤᠯᠤᠰ ᠤᠨ ᠵᠢᠱᠢᠭ ᠦᠨ ᠳᠠᠭᠠᠤ ᠵᠠᠰᠠᠭ ᠤᠨ ᠭᠠᠵᠠᠷ ᠠᠴᠠ 2024 ᠣᠨ ᠳᠤ ᠲᠣᠭᠲᠠᠭᠠᠯ ᠭᠠᠷᠭᠠᠵᠤ᠂ 《ᠰᠢᠨ᠎ᠡ ᠬᠠᠷᠠᠬᠣᠷᠣᠮ》 ᠬᠣᠲᠠ ᠶᠢᠨ ᠲᠥᠯᠦᠪᠯᠡᠭᠡᠨ ᠦ ᠦᠵᠡᠯ ᠪᠠᠷᠢᠮᠲᠠᠯᠠᠯ ᠪᠣᠯᠪᠠᠰᠤᠷᠠᠭᠤᠯᠬᠤ ᠣᠯᠠᠨ ᠤᠯᠤᠰ ᠤᠨ ᠨᠡᠭᠡᠭᠡᠯᠲᠡ ᠲᠡᠢ ᠰᠣᠩᠭᠣᠨ ᠰᠢᠯᠭᠠᠷᠠᠭᠤᠯᠤᠯᠲᠠ ᠶᠢ ᠭᠤᠷᠪᠠᠳᠤᠭᠠᠷ ᠰᠠᠷ᠎ᠠ ᠶᠢᠨ 18  ᠤ ᠡᠳᠦᠷ ᠵᠠᠷᠯᠠᠭᠰᠠᠨ᠃ ᠰᠣᠩᠭᠣᠨ ᠰᠢᠯᠭᠠᠷᠠᠭᠤᠯᠤᠯᠲᠠ ᠶᠢᠨ ᠪᠦᠷᠢᠳᠬᠡᠯ ᠢ ᠭᠤᠷᠪᠠᠳᠤᠭᠠᠷ ᠰᠠᠷ᠎ᠠ ᠶᠢᠨ 18  ᠠᠴᠠ ᠳᠥᠷᠪᠡᠳᠦᠭᠡᠷ ᠰᠠᠷ᠎ᠠ ᠶᠢᠨ 15  ᠤ ᠡᠳᠦᠷ ᠦᠨ ᠬᠣᠭᠣᠷᠣᠨᠳᠣ ᠶᠠᠪᠤᠭᠤᠯᠵᠤ᠂ ᠡᠬᠢᠨ ᠦ ᠱᠠᠲᠤᠨ ᠤ ᠰᠢᠯᠭᠠᠷᠠᠭᠤᠯᠤᠯᠲᠠ ᠡᠨᠡ ᠰᠠᠷ᠎ᠠ ᠶᠢᠨ 16  ᠳᠦ ᠳᠠᠭᠤᠰᠤᠭᠰᠠᠨ᠃

ᠰᠢᠯᠭᠠᠷᠠᠭᠤᠯᠤᠯᠲᠠ ᠳᠤ 54 ᠤᠯᠤᠰ ᠤᠨ 428 ᠪᠠᠭ ᠪᠦᠷᠢᠳᠬᠡᠭᠦᠯᠵᠦ᠂ 76 ᠪᠠᠭ ᠪᠦᠲᠦᠭᠡᠯ ᠢᠶᠡᠨ ᠢᠷᠡᠭᠦᠯᠦᠭᠰᠡᠨ ᠡᠴᠡ ᠬᠣᠶᠠᠳᠤᠭᠠᠷ ᠱᠠᠲᠤᠨ ᠳᠤ 18 ᠤᠯᠤᠰ ᠤᠨ 36 ᠪᠠᠭ ᠤᠨ ᠰᠢᠯᠢᠳᠡᠭ ᠪᠦᠲᠦᠭᠡᠯ ᠲᠡᠩᠴᠡᠵᠡᠢ᠃《ᠰᠢᠨ᠎ᠡ ᠬᠠᠷᠠᠬᠣᠷᠣᠮ》 ᠬᠣᠲᠠ ᠪᠠᠶᠢᠭᠤᠯᠬᠤ ᠲᠠᠢ ᠬᠣᠯᠪᠣᠭ᠎ᠠ ᠲᠠᠢ ᠵᠠᠰᠠᠭ ᠤᠨ ᠭᠠᠵᠠᠷ ᠤᠨ ᠲᠣᠭᠲᠠᠭᠠᠯ ᠢᠶᠠᠷ ᠥᠪᠦᠷᠬᠠᠩᠭᠠᠢ᠂ ᠠᠷᠤᠬᠠᠩᠭᠠᠢ ᠠᠶᠢᠮᠠᠭ ᠤᠨ ᠨᠤᠲᠤᠭ ᠳᠠᠬᠢ ᠣᠷᠬᠣᠨ ᠤ ᠬᠥᠨᠳᠡᠢ ᠳᠦ 189 ᠮᠢᠩᠭᠠᠨ ᠭᠠ ᠭᠠᠵᠠᠷ ᠢ ᠤᠯᠤᠰ ᠤᠨ ᠲᠤᠰᠬᠠᠢ ᠬᠡᠷᠡᠭᠴᠡᠭᠡᠨ ᠳᠦ ᠠᠪᠤᠭᠠᠳ ᠪᠠᠶᠢᠭ᠎ᠠ᠃ ᠲᠤᠰ ᠬᠤᠲᠠ ᠳᠤ ᠲᠥᠷᠥ᠂ ᠵᠠᠬᠢᠷᠭᠠᠨ ᠤ ᠪᠣᠯᠤᠨ ᠣᠯᠠᠨ ᠤᠯᠤᠰ ᠤᠨ ᠪᠠᠶᠢᠭᠤᠯᠤᠯᠭ᠎ᠠ᠂ ᠭᠠᠳᠠᠭᠠᠳᠤ ᠤᠯᠤᠰ ᠣᠷᠣᠨ ᠨᠤᠭᠤᠳ ᠤᠨ ᠳ᠋ᠢᠫᠯᠣᠮᠠᠲ ᠲᠥᠯᠥᠭᠡᠯᠡᠭᠴᠢ ᠶᠢᠨ ᠭᠠᠵᠠᠷ ᠲᠥᠪᠯᠡᠷᠡᠵᠦ᠂ ᠨᠡᠶᠢᠭᠡᠮ᠂ ᠡᠷᠡᠭᠦᠯ ᠮᠡᠨᠳᠦ᠂ ᠳᠡᠳ᠋ ᠪᠦᠲᠦᠴᠡ᠂ ᠥᠨᠳᠥᠷ ᠲᠧᠭᠨᠣᠯᠣᠭᠢ ᠶᠢᠨ ᠦᠢᠯᠡᠳᠪᠦᠷᠢᠯᠡᠯ᠂ ᠣᠷᠣᠨ ᠰᠠᠭᠤᠴᠠ᠂ ᠰᠤᠶᠤᠯ᠂ ᠤᠷᠠᠯᠢᠭ᠂ ᠠᠶᠠᠯᠠᠯ ᠵᠢᠭᠤᠯᠴᠢᠯᠠᠯ᠂ ᠨᠣᠭᠣᠭᠠᠨ ᠪᠠᠶᠢᠭᠤᠯᠤᠮᠵᠢ᠂ ᠪᠤᠰᠤᠳ ᠦᠢᠯᠡᠴᠢᠯᠡᠭᠡ ᠬᠥᠭᠵᠢᠭᠰᠡᠨ ᠤᠬᠠᠭᠠᠯᠢᠭ ᠬᠣᠲᠠ ᠪᠠᠶᠢᠬᠤ ᠪᠠᠷ ᠲᠥᠯᠥᠪᠯᠡᠵᠡᠢ᠃

ᠰᠡᠳᠬᠢᠭᠳᠡᠯ ᠦᠯᠡᠳᠡᠭᠡᠬᠦ