ᠢᠰᠡᠭᠡᠢ ᠤᠷᠠᠯᠠᠯ ᠤᠨ ᠪᠠᠶᠠᠷ ᠡᠨᠡ ᠰᠠᠷ᠎ᠠ  ᠳᠦ ᠪᠣᠯᠤᠨ᠎ᠠ | News.MN

ᠢᠰᠡᠭᠡᠢ ᠤᠷᠠᠯᠠᠯ ᠤᠨ ᠪᠠᠶᠠᠷ ᠡᠨᠡ ᠰᠠᠷ᠎ᠠ  ᠳᠦ ᠪᠣᠯᠤᠨ᠎ᠠ

ᠢᠰᠡᠭᠡᠢ ᠤᠷᠠᠯᠠᠯ ᠤᠨ ᠪᠠᠶᠠᠷ ᠡᠨᠡ ᠰᠠᠷ᠎ᠠ ᠶᠢᠨ 22  ᠤ ᠡᠳᠦᠷ ᠦᠪᠦᠷᠬᠠᠩᠭᠠᠢ ᠠᠢᠮᠠᠭ ᠤᠨ ᠬᠤᠵᠢᠷᠲᠤ ᠰᠤᠮᠤ ᠶᠢᠨ ᠰᠢᠪᠠᠷ ᠲᠦᠷᠦᠭᠦᠨ ᠦ ᠠᠮᠠ ᠬᠡᠮᠡᠬᠦ ᠭᠠᠵᠠᠷ ᠲᠤ ᠪᠣᠯᠤᠨ᠎ᠠ᠃

ᠲᠡᠷᠡ ᠦᠶ᠎ᠡ ᠪᠡᠷ ᠬᠣᠨᠢ ᠬᠢᠷᠭᠠᠬᠤ᠂ ᠨᠣᠣᠰᠣ ᠰᠠᠪᠠᠬᠤ᠂ ᠰᠠᠪᠠᠭᠰᠠᠨ ᠨᠣᠣᠰᠣ ᠪᠠᠨ ᠠᠯᠠᠭᠠᠳᠠᠬᠤ᠂ ᠤᠰᠤᠯᠠᠬᠤ᠂ ᠬᠤᠶᠢᠯᠠᠬᠤ᠂ ᠮᠢᠯᠢᠶᠠᠬᠤ᠂ ᠮᠣᠷᠢ ᠪᠠᠷ ᠲᠠᠲᠠᠬᠤ ᠵᠡᠷᠭᠡ ᠢᠰᠡᠭᠡᠢ ᠬᠢᠬᠦ ᠦᠢᠯᠡ ᠶᠠᠪᠤᠴᠠ ᠶᠢ ᠦᠵᠡᠭᠦᠯᠬᠦ ᠠᠴᠠ ᠭᠠᠳᠠᠨ᠎ᠠ ᠨᠣᠣᠰᠣ ᠰᠠᠪᠠᠬᠤ᠂ ᠰᠦ ᠬᠥᠭᠡᠷᠦᠭᠦᠯᠬᠦ᠂ ᠬᠥᠬᠥᠥᠷ ᠦᠨ ᠠᠶᠢᠷᠠᠭ ᠪᠦᠯᠢᠬᠦ᠂ ᠲᠣᠭᠣᠭ᠎ᠠ ᠨᠡᠷᠡᠬᠦ ᠨᠡᠭᠦᠳᠡᠯᠴᠢᠨ ᠠᠬᠤᠢ ᠶᠢᠨ ᠰᠤᠶᠤᠯ ᠢ ᠰᠤᠷᠲᠠᠯᠴᠢᠯᠠᠵᠤ᠂ ᠦᠨᠳᠦᠰᠦᠨ ᠦ ᠰᠠᠶᠢᠬᠠᠨ ᠬᠤᠪᠴᠠᠰᠤ ᠲᠠᠢ ᠬᠣᠣᠰ ᠢ ᠰᠢᠯᠭᠠᠷᠠᠭᠤᠯᠤᠨ᠎ᠠ᠃ ᠮᠥᠨ ᠪᠥᠬᠡ ᠶᠢᠨ ᠪᠠᠷᠢᠯᠳᠤᠭᠠᠨ᠂

ᠳᠠᠭ᠎ᠠ ᠶᠢᠨ ᠤᠷᠤᠯᠳᠤᠭᠠᠨ᠂ ᠨᠡᠭᠦᠳᠡᠯᠴᠢᠨ ᠠᠷᠠᠳ ᠤᠨ ᠤᠷᠠᠯᠢᠭ ᠤᠨ ᠲᠣᠭᠯᠠᠯᠲᠠ ᠪᠣᠯᠬᠤ ᠶᠤᠮ᠃

 

ᠰᠡᠳᠬᠢᠭᠳᠡᠯ ᠦᠯᠡᠳᠡᠭᠡᠬᠦ