ᠲᠥᠭᠥᠷᠢᠭ ᠦᠨ ᠳ᠋ᠣᠯᠯᠠᠷ ᠲᠠᠢ ᠬᠠᠷᠢᠴᠠᠬᠤ ᠳᠤᠮᠳᠠᠴᠢ ᠬᠠᠩᠰᠢ 4.67 ᠲᠥᠭᠥᠷᠢᠭ ᠢᠶᠡᠷ ᠰᠤᠯᠠᠷᠠᠵᠠᠢ | News.MN

ᠲᠥᠭᠥᠷᠢᠭ ᠦᠨ ᠳ᠋ᠣᠯᠯᠠᠷ ᠲᠠᠢ ᠬᠠᠷᠢᠴᠠᠬᠤ ᠳᠤᠮᠳᠠᠴᠢ ᠬᠠᠩᠰᠢ 4.67 ᠲᠥᠭᠥᠷᠢᠭ ᠢᠶᠡᠷ ᠰᠤᠯᠠᠷᠠᠵᠠᠢ

ᠮᠣᠩᠭᠣᠯ ᠪᠠᠩᠬᠢ ᠠᠴᠠ ᠵᠠᠷᠯᠠᠭᠰᠠᠨ ᠲᠥᠭᠥᠷᠢᠭ ᠦᠨ ᠳ᠋ᠣᠯᠯᠠᠷ ᠲᠠᠢ ᠬᠠᠷᠢᠴᠠᠬᠤ ᠰᠠᠷ᠎ᠠ ᠶᠢᠨ ᠳᠤᠮᠳᠠᠴᠢ ᠬᠠᠩᠰᠢ ᠡᠨᠡ ᠣᠨ ᠤ ᠲᠠᠪᠤᠳᠤᠭᠠᠷ ᠰᠠᠷ᠎ᠠ ᠳᠤ 3381.19 ᠲᠥᠭᠥᠷᠢᠭ ᠪᠣᠯᠵᠤ᠂ ᠡᠮᠦᠨᠡᠬᠢ ᠣᠨ ᠤ ᠮᠥᠨ ᠦᠶ᠎ᠡ  ᠡᠴᠡ 79.99 ᠲᠥᠭᠥᠷᠢᠭ ᠢᠶᠡᠷ ᠴᠢᠩᠭᠠᠷᠠᠵᠤ᠂ ᠡᠮᠦᠨᠡᠬᠢ ᠰᠠᠷ᠎ᠠ ᠠᠴᠠ 4.67 ᠲᠥᠭᠥᠷᠢᠭ ᠢᠶᠡᠷ ᠰᠤᠯᠠᠷᠠᠵᠠᠢ᠃

ᠲᠥᠭᠥᠷᠢᠭ ᠦᠨ ᠶᠤᠸᠠᠨ ᠲᠠᠢ ᠬᠠᠷᠢᠴᠠᠬᠤ ᠰᠠᠷ᠎ᠠ ᠶᠢᠨ ᠳᠤᠮᠳᠠᠴᠢ ᠬᠠᠩᠰᠢ ᠲᠠᠪᠤᠳᠤᠭᠠᠷ ᠰᠠᠷ᠎ᠠ ᠳᠤ 467.39 ᠲᠥᠭᠥᠷᠢᠭ ᠪᠣᠯᠵᠤ᠂ ᠡᠮᠦᠨᠡᠬᠢ ᠣᠨ ᠤ ᠮᠥᠨ ᠦᠶ᠎ᠡ  ᠡᠴᠡ 28.01 ᠲᠥᠭᠥᠷᠢᠭ ᠢᠶᠡᠷ ᠴᠢᠩᠭᠠᠷᠠᠵᠤ᠂ ᠡᠮᠦᠨᠡᠬᠢ ᠰᠠᠷ᠎ᠠ  ᠠᠴᠠ 0.95 ᠲᠥᠭᠥᠷᠢᠭ ᠢᠶᠡᠷ ᠰᠤᠯᠠᠷᠠᠭᠰᠠᠨ ᠢ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶ᠎ᠠ ᠮᠡᠳᠡᠭᠡᠯᠡᠵᠡᠢ᠃

ᠰᠡᠳᠬᠢᠭᠳᠡᠯ ᠦᠯᠡᠳᠡᠭᠡᠬᠦ