ᠵᠠᠮ ᠤᠨ-ᠡᠭᠦᠳᠡ ᠪᠣᠭᠣᠮᠲᠠ ᠪᠠᠷ ᠨᠢᠭᠡ ᠰᠠᠶ᠎ᠠ ᠬᠦᠮᠦᠨ ᠵᠣᠷᠴᠢᠪᠠ | News.MN

ᠵᠠᠮ ᠤᠨ-ᠡᠭᠦᠳᠡ ᠪᠣᠭᠣᠮᠲᠠ ᠪᠠᠷ ᠨᠢᠭᠡ ᠰᠠᠶ᠎ᠠ ᠬᠦᠮᠦᠨ ᠵᠣᠷᠴᠢᠪᠠ

ᠵᠠᠮ ᠤᠨ ᠡᠭᠦᠳᠡ᠂ ᠡᠷᠢᠶᠡᠨ ᠪᠣᠭᠣᠮᠲᠠ ᠪᠠᠷ ᠨᠡᠪᠲᠡᠷᠡᠭᠰᠡᠨ ᠵᠣᠷᠴᠢᠭᠴᠢ ᠶᠢᠨ ᠲᠣᠭ᠎ᠠ ᠡᠨᠡ ᠰᠠᠷ᠎ᠠ ᠶᠢᠨ 16  ᠳᠦ ᠨᠢᠭᠡ ᠰᠠᠶ᠎ᠠ ᠪᠣᠯᠵᠠᠢ᠃ ᠥᠩᠭᠡᠷᠡᠭᠴᠢ 2023 ᠣᠨ ᠳᠤ ᠵᠣᠷᠴᠢᠭᠴᠢᠳ ᠤᠨ ᠲᠣᠭ᠎ᠠ ᠶᠢᠰᠦᠳᠦᠭᠡᠷ ᠰᠠᠷ᠎ᠠ ᠶᠢᠨ 19 ᠳᠦ ᠨᠢᠭᠡ ᠰᠠᠶ᠎ᠠ ᠪᠣᠯᠵᠤ ᠪᠠᠶᠢᠭᠰᠠᠨ ᠶᠤᠮ᠃ ᠮᠥᠨ ᠬᠠᠮᠤᠭ ᠤᠨ ᠶᠡᠬᠡ ᠳᠦ ᠪᠡᠨ ᠨᠢᠭᠡ ᠡᠳᠦᠷ 8800 ᠬᠦᠮᠦᠨ ᠵᠣᠷᠴᠢᠵᠤ ᠳᠡᠭᠡᠳᠦ ᠠᠮᠵᠢᠯᠲᠠ ᠲᠣᠭᠲᠠᠭᠠᠭᠰᠠᠨ ᠪᠢᠯᠡ᠃ ᠬᠠᠷᠢᠨ ᠡᠨᠡ ᠵᠢᠯ 11125 ᠬᠦᠮᠦᠨ ᠨᠢᠭᠡ ᠡᠳᠦᠷ ᠲᠦ ᠬᠣᠶᠠᠷ ᠤᠯᠤᠰ ᠤᠨ ᠬᠢᠯᠢ ᠪᠡᠷ ᠨᠡᠪᠲᠡᠷᠡᠵᠡᠢ᠃

ᠮᠣᠩᠭᠣᠯ ᠤᠨ ᠲᠠᠯ᠎ᠠ ᠠᠴᠠ ᠡᠳᠦᠷ ᠲᠦ ᠮᠢᠩᠭᠠᠨ ᠮᠠᠰᠢᠨ ᠲᠡᠷᠭᠡ ᠲᠣᠭᠲᠠᠮᠠᠯ ᠬᠢᠯᠢ ᠨᠡᠪᠲᠡᠷᠡᠵᠦ᠂ ᠵᠢᠷᠭᠤᠳᠤᠭᠠᠷ ᠰᠠᠷ᠎ᠠ ᠶᠢᠨ 12  ᠳᠦ ᠨᠡᠶᠢᠲᠡ ᠲᠡᠭᠡᠭᠡᠪᠦᠷᠢ ᠶᠢᠨ ᠬᠡᠷᠡᠭᠰᠡᠯ ᠦᠨ ᠲᠣᠭ᠎ᠠ 100 ᠮᠢᠩᠭ᠎ᠠ ᠶᠢ ᠳᠠᠪᠠᠭᠰᠠᠨ ᠪᠠᠶᠢᠨ᠎ᠠ᠃ ᠥᠩᠭᠡᠷᠡᠭᠴᠢ ᠲᠠᠪᠤᠳᠤᠭᠠᠷ ᠰᠠᠷ᠎ᠠ ᠳᠤ 1.8 ᠰᠠᠶ᠎ᠠ ᠲᠣᠨ ᠺᠠᠷᠭᠤ᠋ ᠬᠣᠶᠠᠷ ᠤᠯᠤᠰ ᠤᠨ ᠬᠢᠯᠢ ᠪᠡᠷ ᠨᠡᠪᠲᠡᠷᠡᠭᠰᠡᠨ ᠨᠢ ᠨᠢᠭᠡ ᠰᠠᠷ᠎ᠠ ᠳᠤ ᠬᠠᠮᠤᠭ ᠤᠨ ᠶᠡᠬᠡ ᠵᠢᠩ ᠲᠡᠢ ᠺᠠᠷᠭᠤ᠋ ᠭᠠᠷᠤᠭᠰᠠᠨ ᠳᠡᠭᠡᠳᠦ ᠠᠮᠵᠢᠯᠲᠠ ᠶᠢ ᠲᠣᠭᠲᠠᠭᠠᠭᠰᠠᠨ ᠶᠤᠮ᠃ ᠡᠷᠢᠶᠡᠨ ᠦ ᠪᠣᠭᠣᠮᠲᠠ ᠪᠠᠷ ᠮᠣᠩᠭᠣᠯ ᠤᠨ ᠡᠳᠦᠷ ᠲᠤᠲᠤᠮ ᠤᠨ ᠪᠠᠷᠠᠭ᠎ᠠ ᠪᠦᠲᠦᠭᠡᠭᠳᠡᠬᠦᠨ ᠦ 70᠂ ᠬᠦᠨᠡᠰᠦᠨ ᠦ ᠨᠣᠭᠣᠭ᠎ᠠ᠂ ᠵᠢᠮᠢᠰ ᠤᠨ 80 ᠬᠤᠪᠢ ᠣᠷᠣᠵᠤ ᠢᠷᠡᠳᠡᠭ ᠪᠠᠶᠢᠨ᠎ᠠ᠃

ᠰᠡᠳᠬᠢᠭᠳᠡᠯ ᠦᠯᠡᠳᠡᠭᠡᠬᠦ