ᠪᠠᠶᠠᠨ-ᠥᠯᠥᠭᠡᠢ ᠠᠶᠢᠮᠠᠭ ᠤᠨ ᠥᠯᠥᠭᠡᠢ ᠰᠤᠮᠤ ᠶᠢᠨ 3 ᠳ᠋ᠤᠭᠠᠷ ᠪᠠᠭ ᠲᠤ《ᠮᠠᠷᠠᠯ ᠢᠨᠹᠢᠨᠢᠲ》ᠺᠣᠮᠫᠠᠨᠢ ᠡᠳᠦᠷ ᠲᠦ 2 ᠲᠣᠨ ᠰᠢᠩᠭᠡᠨ ᠰᠠᠪᠤᠩ ᠦᠢᠯᠡᠳᠪᠦᠷᠢᠯᠡᠬᠦ ᠬᠦᠴᠦᠨ ᠴᠢᠳᠠᠯ ᠲᠠᠢ ᠦᠢᠯᠡᠳᠪᠤᠷᠢ ᠪᠠᠢᠭᠤᠯᠵᠠᠢ᠃
ᠲᠤᠰ ᠺᠣᠮᠫᠠᠨᠢ ᠨᠢ《АРУ》ᠨᠡᠷ᠎ᠡ ᠲᠡᠢ ᠭᠠᠷ ᠤᠨ ᠰᠢᠩᠭᠡᠨ ᠰᠠᠪᠤᠩ᠂ ᠤᠭᠢᠶᠠᠯᠭ᠎ᠠ ᠶᠢᠨ ᠰᠢᠩᠭᠡᠨ ᠰᠠᠪᠤᠩ᠂ ᠠᠶᠠᠭ᠎ᠠ ᠲᠠᠪᠠᠭ ᠤᠭᠢᠶᠠᠭᠴᠢ᠂ ᠮᠠᠰᠢᠨ ᠤᠭᠢᠶᠠᠭᠴᠢ ᠬᠥᠭᠡᠰᠦ ᠵᠡᠷᠭᠡ ᠭᠣᠸ᠎ᠠ ᠰᠠᠶᠢᠬᠠᠨ ᠤ ᠪᠣᠯᠤᠨ ᠠᠬᠤᠢ ᠶᠢᠨ ᠪᠦᠲᠦᠭᠡᠭᠳᠡᠬᠦᠨ ᠦᠢᠯᠡᠳᠪᠦᠷᠢᠯᠡᠵᠦ ᠡᠬᠢᠯᠡᠭᠡᠳ ᠪᠠᠶᠢᠨ᠎ᠠ᠃ ᠰᠢᠨ᠎ᠡ ᠪᠦᠲᠦᠭᠡᠭᠳᠡᠬᠦᠨ ᠨᠦᠭᠦᠳ ᠢ ᠳᠡᠯᠭᠡᠭᠦᠷ᠂ ᠬᠤᠳᠠᠯᠳᠤᠭᠠᠨ ᠤ ᠲᠥᠪ ᠦᠳ ᠢᠶᠡᠷ ᠳᠠᠮᠵᠢᠭᠤᠯᠤᠨ ᠪᠣᠷᠣᠯᠠᠭᠤᠯᠵᠤ ᠪᠠᠶᠢᠭ᠎ᠠ᠃ ᠴᠢᠨᠠᠭᠰᠢᠳᠠ 21 ᠠᠶᠢᠮᠠᠭ ᠲᠤ ᠲᠦᠭᠡᠭᠡᠬᠦ ᠲᠥᠯᠥᠪᠯᠡᠭᠡ ᠲᠡᠢ ᠪᠠᠶᠢᠨ᠎ᠠ᠃