ᠮᠣᠩᠭᠣᠯ ᠪᠠᠩᠭᠢᠨ ᠠᠴᠠ ᠭᠠᠷᠭᠠᠭᠰᠠᠨ Nimravidae ᠳᠤᠷᠠᠰᠬᠠᠯ ᠤᠨ ᠵᠣᠭᠣᠰ ᠣᠯᠠᠨ ᠤᠯᠤᠰ ᠲᠤ 2023 ᠣᠨ ᠤ 《ᠰᠢᠯᠢᠳᠡᠭ ᠡᠷᠲᠡᠨ ᠦ ᠵᠣᠭᠣᠰ》︵Best Paleo Coin Award︶ ᠦᠨ ᠲᠥᠷᠥᠯ ᠳᠦ ᠲᠡᠷᠢᠭᠦᠨ ᠪᠠᠶᠢᠷᠢ ᠳᠤ ᠰᠢᠯᠭᠠᠷᠠᠵᠤ ᠱᠠᠩᠨᠠᠯ ᠬᠦᠷᠲᠡᠯ᠎ᠡ᠃
Nimravidae ᠵᠣᠭᠣᠰ ᠨᠢ 38.61 ᠮᠢᠯᠯᠢᠮᠧᠲ᠋ᠷ ᠳ᠋ᠢᠶᠠᠮᠧᠲ᠋ᠷ ᠲᠡᠢ᠂ 31.1 ᠭᠷᠠᠮ ᠵᠢᠩ ᠲᠡᠢ᠂ ᠮᠤᠤᠷ ᠠᠴᠠ ᠭᠠᠷᠤᠯ ᠲᠠᠢ ᠮᠢᠬᠠᠴᠢᠨ ᠠᠮᠢᠲᠠᠳ ᠤᠨ ᠤᠰᠠᠳᠴᠤ ᠦᠭᠡᠢ ᠪᠣᠯᠤᠭᠰᠠᠨ ᠲᠥᠷᠥᠯ ᠢ ᠳᠦᠷᠰᠦᠯᠡᠵᠡᠢ᠃ ᠮᠥᠨ《ᠮᠣᠩᠭᠣᠯ ᠱᠣᠩᠬᠣᠷ》ᠵᠣᠭᠣᠰ《Coin of the Year Award》 ᠪᠤᠶᠤ ᠣᠯᠠᠨ ᠤᠯᠤᠰ ᠤᠨ ᠰᠢᠯᠢᠳᠡᠭ ᠵᠣᠭᠣᠰᠤᠨ ᠤ ᠰᠢᠯᠭᠠᠷᠠᠭᠤᠯᠤᠯᠲᠠ ᠳᠤ《ᠰᠢᠯᠢᠳᠡᠭ ᠠᠯᠲᠠᠨ ᠵᠣᠭᠣᠰ》︵《Best Gold Coin》︶ᠲᠥᠷᠥᠯ ᠳᠦ ᠨᠡᠷ᠎ᠡ ᠳᠡᠪᠰᠢᠯ᠎ᠡ᠃ ᠲᠤᠰ ᠳᠤᠷᠠᠰᠬᠠᠯ ᠤᠨ ᠵᠣᠭᠣᠰ ᠨᠢ 33 ᠮᠢᠯᠯᠢᠮᠧᠲ᠋ᠷ ᠳ᠋ᠢᠶᠠᠮᠧᠲ᠋ᠷ ᠲᠡᠢ᠂ 31.1 ᠭᠷᠠᠮ ᠵᠢᠩ ᠲᠡᠢ᠂ ᠴᠡᠪᠡᠷ ᠠᠯᠲᠠᠨ ᠵᠣᠭᠣᠰ ᠶᠤᠮ᠃