ᠰᠤᠮᠤ ᠶᠢᠨ ᠬᠡᠦᠬᠡᠳ ᠦᠳ︽ᠲᠤᠩᠭᠠᠯᠠᠭ ᠡᠨᠳ᠋ ᠨᠢᠦ᠋ ᠲᠧᠢᠴᠧᠷ︾ᠨᠣᠮ ᠢᠶᠠᠷ ᠣᠯᠢᠮᠫᠢᠶᠠᠳ᠋ ᠵᠣᠬᠢᠶᠠᠨ ᠪᠠᠶᠢᠭᠤᠯᠵᠠᠢ | News.MN

ᠰᠤᠮᠤ ᠶᠢᠨ ᠬᠡᠦᠬᠡᠳ ᠦᠳ︽ᠲᠤᠩᠭᠠᠯᠠᠭ ᠡᠨᠳ᠋ ᠨᠢᠦ᠋ ᠲᠧᠢᠴᠧᠷ︾ᠨᠣᠮ ᠢᠶᠠᠷ ᠣᠯᠢᠮᠫᠢᠶᠠᠳ᠋ ᠵᠣᠬᠢᠶᠠᠨ ᠪᠠᠶᠢᠭᠤᠯᠵᠠᠢ

︽ᠳᠡᠯᠡᠬᠡᠢ ᠶᠢᠨ ᠨᠣᠮ ᠤᠨ ᠡᠳᠦᠷ︾ ᠢ ᠤᠭᠲᠤᠵᠤ ᠰᠡᠯᠡᠩᠭᠡ ᠠᠶᠢᠮᠠᠭ ᠤᠨ ᠵᠡᠭᠦᠨᠪᠦ᠋ᠷᠢᠨ ᠰᠤᠮᠤ ᠶᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ︽ᠯᠢᠪᠷᠠᠷᠢ ᠷᠧᠰᠧᠢᠷᠰ︾ᠺᠯᠦ᠋ᠫ ᠡᠴᠡ ᠺᠠᠬᠣᠲ ᠣᠯᠢᠮᠫᠢᠶᠠᠳ᠋ ᠢ ᠵᠣᠬᠢᠶᠠᠨ ᠪᠠᠶᠢᠭᠤᠯᠤᠭᠰᠠᠨ ᠪᠠᠶᠢᠨ᠎ᠠ᠃ ᠺᠯᠦ᠋ᠫ  ᠦᠨ ᠬᠡᠦᠬᠡᠳ ᠦᠳ ᠰᠸᠢᠰ ᠤᠯᠤᠰ ᠤᠨ ᠰᠤᠳᠤᠯᠤᠭᠠᠴᠢ᠂ ᠵᠣᠬᠢᠶᠠᠯᠴᠢ ᠠᠨᠢᠲ᠋ᠠ ᠹᠠᠷᠨᠢᠨ ᠤ ᠮᠣᠩᠭᠣᠯ᠂ ᠠᠩᠭᠯᠢ ᠬᠡᠯᠡ ᠳᠡᠭᠡᠷ᠎ᠡ ᠭᠠᠷᠭᠠᠭᠰᠠᠨ ︽ᠲᠤᠩᠭᠠᠯᠠᠭ ᠡᠨᠳ᠋ ᠨᠢᠦ᠋ ᠲᠧᠢᠴᠧᠷ︾ ᠨᠣᠮ ᠢ ᠪᠠᠭ ᠢᠶᠠᠷ ᠢᠶᠠᠨ ᠤᠩᠰᠢᠵᠤ᠂ ᠲᠠᠨᠢᠯᠴᠠᠭᠤᠯᠭ᠎ᠠ ᠬᠢᠵᠦ᠂ ᠬᠡᠯᠡᠯᠴᠡᠭᠦᠯᠭᠡ ᠵᠣᠬᠢᠶᠠᠨ ᠪᠠᠶᠢᠭᠤᠯᠤᠭᠰᠠᠨ ᠪᠠᠶᠢᠨ᠎ᠠ᠃

ᠣᠯᠢᠮᠫᠢᠶᠠᠳ᠋ ᠲᠤ ᠨᠠᠢ᠌ᠮᠠᠳᠤᠭᠠᠷ ᠠᠩᠬᠢ ᠶᠢᠨ ᠰᠤᠷᠤᠭᠴᠢᠳ ᠠᠮᠵᠢᠯᠲᠠᠲᠠᠢ ᠣᠷᠣᠯᠴᠠᠵᠤ᠂ ᠯ∙ᠨᠠᠮᠤᠭᠤᠨ ᠠᠬᠠᠯᠠᠭᠴᠢ ᠲᠠᠢ︽ᠫᠢᠷᠧᠹᠯᠧᠢᠰ︾ᠪᠠᠭ ᠲᠡᠷᠢᠭᠦᠯᠡᠵᠦ᠂ ᠭ∙ᠭᠠᠩᠬᠦ᠋ᠰᠡᠯᠡᠩ ᠠᠬᠠᠯᠠᠭᠴᠢ ᠲᠠᠢ︽ᠪᠦᠦᠺ ᠾᠧᠷᠤᠸᠧᠰ︾ᠪᠠᠭ᠂ ᠡ᠊∙ᠡᠩᠬᠡᠬᠦ᠋ᠰᠡᠯᠡᠩ ᠠᠬᠠᠯᠠᠭᠴᠢ ᠲᠠᠢ ︽ᠪᠦᠦᠺ ᠾᠢᠨᠲ᠋ᠧᠷᠰ︾ᠪᠠᠭ ᠤᠳ ᠲᠤᠰ ᠲᠤᠰ ᠤᠳᠠᠭᠠᠯᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ