ᠪᠣᠳᠠᠲᠤ ᠮᠡᠳᠡᠭᠡᠯᠡᠯ ᠢ ᠬᠦᠷᠭᠡᠬᠦ《ᠠᠰᠠᠭᠤ》ᠴᠠᠲᠪᠤᠲ ᠠᠰᠢᠭᠯᠠᠯᠲᠠ ᠳᠤ ᠣᠷᠣᠵᠠᠢ | News.MN

ᠪᠣᠳᠠᠲᠤ ᠮᠡᠳᠡᠭᠡᠯᠡᠯ ᠢ ᠬᠦᠷᠭᠡᠬᠦ《ᠠᠰᠠᠭᠤ》ᠴᠠᠲᠪᠤᠲ ᠠᠰᠢᠭᠯᠠᠯᠲᠠ ᠳᠤ ᠣᠷᠣᠵᠠᠢ

ᠰᠡᠳᠬᠦᠯ ᠵᠦᠢ ᠶᠢᠨ 《ᠢᠨᠨᠣᠸᠠᠼ ᠬᠥᠭᠵᠢᠯ ᠦᠨ ᠡᠭᠦᠷ ᠲᠥᠪ》 ᠦᠨ ᠳᠡᠷᠭᠡᠳᠡᠬᠢ ᠮᠣᠩᠭᠣᠯ ᠤᠨ ᠪᠠᠷᠢᠮᠲᠠ ᠰᠢᠯᠭᠠᠬᠤ ᠲᠥᠪ ᠪᠣᠯᠤᠨ  ᠬᠠᠭᠤᠷᠠᠮᠴᠢ ᠮᠡᠳᠡᠭᠡᠯᠡᠯ ᠢ ᠪᠠᠭᠤᠷᠠᠭᠤᠯᠬᠤ《ᠪᠠᠷᠢᠮᠲᠠ ᠨᠡᠩ ᠲᠡᠷᠢᠭᠦᠨ ᠳᠦ》ᠦᠨᠳᠦᠰᠦᠨ ᠦ ᠰᠦᠯᠵᠢᠶᠡᠨ ᠦ ᠭᠡᠰᠢᠭᠦᠨ ᠪᠠᠶᠢᠭᠤᠯᠤᠯᠭ᠎ᠠ ᠨᠤᠭᠤᠳ ᠤᠨ ᠨᠡᠶᠢᠲᠡᠯᠡᠯ᠂ ᠨᠡᠪᠲᠡᠷᠡᠭᠦᠯᠭᠡ᠂ ᠺᠣᠨᠲ᠋ᠧᠨᠲ᠋ ᠲᠤ ᠳᠤᠷᠠᠳᠤᠭᠰᠠᠨ ᠪᠠᠷᠢᠮᠲᠠ ᠪᠠᠷ ᠰᠢᠯᠭᠠᠭᠰᠠᠨ ᠪᠣᠳᠠᠲᠤ᠂ ᠵᠥᠪ ᠮᠡᠳᠡᠭᠡᠯᠡᠯ ᠢ ᠨᠢᠭᠡ ᠳᠣᠣᠷ᠎ᠠ ᠠᠴᠠ ᠠᠪᠬᠤ ᠪᠣᠯᠤᠮᠵᠢ ᠲᠠᠢ ᠫᠯᠠᠲ᠋ᠹᠣᠷᠮ ᠢ ᠠᠰᠢᠭᠯᠠᠯᠲᠠ ᠳᠤ ᠣᠷᠣᠭᠤᠯᠵᠠᠢ᠃

《ᠪᠠᠷᠢᠮᠲᠠ ᠰᠢᠯᠭᠠᠬᠤ ᠲᠥᠪ》 ᠦᠨ ᠶᠡᠷᠦᠩᠬᠡᠢ ᠡᠷᠬᠢᠯᠡᠭᠴᠢ ᠡ᠊∙ᠪᠠᠲᠤᠴᠡᠴᠡᠭ᠄ ᠮᠠᠨ ᠤ ᠪᠠᠶᠢᠭᠤᠯᠤᠯᠭ᠎ᠠ ᠳᠥᠷᠪᠡᠨ ᠵᠢᠯ ᠦᠨ ᠬᠤᠭᠤᠴᠠᠭᠠᠨ ᠳᠤ ᠡᠷᠡᠭᠡᠯᠵᠡᠭᠡ ᠲᠡᠢ 1000 ᠣᠷᠴᠢᠮ ᠮᠡᠳᠡᠭᠡᠯᠡᠯ ᠢ ᠰᠢᠯᠭᠠᠭᠰᠠᠨ᠃ ᠡᠨᠡ ᠬᠣᠭᠣᠷᠣᠨᠳᠣ ᠢᠷᠭᠡᠳ ᠡᠴᠡ ᠰᠢᠯᠭᠠᠭᠤᠯᠬᠤ ᠶᠢ ᠬᠦᠰᠡᠭᠰᠡᠨ ᠣᠯᠠᠨ ᠮᠡᠳᠡᠭᠡᠯᠡᠯ ᠢᠷᠡᠳᠡᠭ᠃ ᠬᠠᠷᠢᠨ ᠪᠠᠷᠢᠮᠲᠠ ᠰᠢᠯᠭᠠᠬᠤ ᠦᠢᠯᠡ ᠶᠠᠪᠤᠴᠠ ᠨᠢ ᠬᠤᠭᠤᠴᠠᠭ᠎ᠠ ᠶᠡᠬᠡ ᠵᠠᠷᠤᠴᠠᠭᠤᠯᠳᠠᠭ ᠲᠤᠯᠠ ᠡᠨᠡ ᠰᠦᠯᠵᠢᠶᠡᠨ ᠳᠦ ᠣᠷᠣᠭᠰᠠᠨ ᠢᠶᠠᠷ ᠢᠶᠠᠨ ᠨᠡᠶᠢᠭᠡᠮ ᠳᠦ ᠲᠠᠨᠢᠭᠳᠠᠭᠰᠠᠨ᠂ ᠨᠠᠶᠢᠳᠠᠪᠤᠷᠢᠲᠠᠢ ᠡᠬᠢ ᠰᠤᠷᠪᠤᠯᠵᠢ ᠭᠡᠵᠦ ᠬᠦᠯᠢᠶᠡᠨ ᠵᠥᠪᠰᠢᠶᠡᠷᠡᠭᠳᠡᠭᠰᠡᠨ ᠬᠡᠪᠯᠡᠯ ᠮᠡᠳᠡᠭᠡᠯᠡᠯ ᠦᠨ ᠪᠠᠶᠢᠭᠤᠯᠤᠯᠭ᠎ᠠ ᠶᠢᠨ ᠨᠡᠶᠢᠲᠡᠯᠡᠯ᠂ ᠺᠣᠨᠲ᠋ᠧᠨᠲ ᠨᠢ ᠪᠢᠳᠡᠨ ᠦ ᠳ᠋ᠠᠲ᠋ᠠ ᠰᠠᠩ ᠢ ᠥᠷᠭᠡᠵᠢᠭᠦᠯᠦᠭᠰᠡᠨ ᠢᠶᠡᠷ ᠬᠢᠮᠡᠯ ᠣᠶᠤᠨ ᠤᠬᠠᠭᠠᠨ ᠤ ᠲᠤᠰᠠᠯᠠᠮᠵᠢ ᠲᠠᠢ ᠪᠠᠷ ᠦᠨᠡᠨ ᠵᠥᠪ ᠮᠡᠳᠡᠭᠡᠯᠡᠯ ᠢ ᠴᠠᠭ ᠠᠯᠳᠠᠯ ᠦᠭᠡᠢ ᠬᠦᠷᠭᠡᠬᠦ ᠪᠣᠯᠤᠮᠵᠢ ᠲᠠᠢ ᠭᠡᠪᠡ᠃

ᠰᠡᠳᠬᠢᠭᠳᠡᠯ ᠦᠯᠡᠳᠡᠭᠡᠬᠦ