ᠥᠰᠪᠦᠷᠢ ᠶᠢᠨ ᠤᠷᠲᠤ ᠶᠢᠨ ᠳᠠᠭᠤᠴᠢᠳ ᠤᠨ 《ᠳᠤᠷᠳᠤᠮᠠᠯ ᠰᠠᠶᠢᠬᠠᠨ》ᠤᠯᠤᠰ ᠤᠨ ᠤᠷᠤᠯᠳᠤᠭᠠᠨ ᠢ ᠮᠠᠨᠳᠠᠯᠭᠣᠪᠢ ᠬᠤᠲᠠᠨ᠎ᠠ ᠵᠣᠬᠢᠶᠠᠨ ᠪᠠᠶᠢᠭᠤᠯᠵᠤ᠂ ᠲᠠᠪᠤᠨ ᠠᠶᠢᠮᠠᠭ᠂ ᠤᠯᠠᠭᠠᠨᠪᠠᠭᠠᠲᠤᠷ ᠬᠣᠲᠠ ᠶᠢᠨ 65 ᠬᠡᠦᠬᠡᠳ ᠣᠷᠣᠯᠴᠠᠨ ᠤᠷᠲᠤ ᠶᠢᠨ ᠳᠠᠭᠤᠤ ᠪᠠᠨ ᠤᠶᠠᠩᠭᠠᠯᠠᠭᠤᠯᠵᠤ᠂ ᠠᠶ᠎ᠠ ᠡᠭᠡᠰᠢᠭ ᠢᠶᠡᠨ ᠡᠷᠭᠦᠯ᠎ᠡ᠃
ᠵᠠᠭᠤᠨ ᠤ ᠮᠠᠩᠯᠠᠢ ᠠᠯᠳᠠᠷᠲᠤ ᠤᠷᠲᠤ ᠶᠢᠨ ᠳᠠᠭᠤᠴᠢᠨ᠂ ᠮᠣᠩᠭᠣᠯ ᠤᠯᠤᠰ ᠤᠨ ᠭᠠᠪᠢᠶᠠᠲᠤ ᠵᠦᠴᠦᠭᠡᠴᠢᠨ ᠵ ∙ ᠳᠣᠷᠵᠢᠳᠠᠭᠪᠠ ᠶᠢᠨ 120 ᠵᠢᠯ ᠦᠨ ᠣᠢ ᠶᠢ ᠲᠣᠬᠢᠶᠠᠯᠳᠤᠭᠤᠯᠤᠨ ᠳᠤᠮᠳᠠᠭᠤᠪᠢ ᠠᠶᠢᠮᠠᠭ ᠤᠨ 《ᠲᠩᠷᠢ ᠶᠢᠨ ᠲᠡᠮᠳᠡᠭ》 ᠬᠡᠦᠬᠡᠳ ᠦᠨ ᠲᠢᠶᠠᠲ᠋ᠷ ᠠᠴᠠ ᠲᠤᠰ ᠤᠷᠤᠯᠳᠤᠭᠠᠨ ᠢ ᠰᠠᠨᠠᠭᠠᠴᠢᠯᠠᠨ ᠵᠣᠬᠢᠶᠠᠨ ᠪᠠᠶᠢᠭᠤᠯᠵᠤ᠂ ᠰᠤᠶᠤᠯ ᠤᠨ ᠶᠠᠮᠤᠨ᠂ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠤᠷᠲᠤ ᠶᠢᠨ ᠳᠠᠭᠤᠴᠢᠳ ᠤᠨ ᠬᠣᠯᠪᠣᠭ᠎ᠠ᠂《ᠳᠠᠷᠵᠢᠳᠠᠭᠪᠠ ᠰᠠᠩ》ᠳᠡᠮᠵᠢᠨ ᠣᠷᠣᠯᠴᠠᠵᠠᠢ᠃