《ᠬᠠᠩᠭᠢ ᠡᠺᠣ ᠯᠤᠭᠢᠰᠲ᠋ᠢᠺ》ᠺᠣᠮᠫᠠᠨᠢ ᠶᠢᠨ 100 ᠬᠤᠪᠢ ᠶᠢᠨ ᠬᠥᠷᠥᠩᠭᠡ ᠣᠷᠣᠭᠤᠯᠤᠯᠲᠠ ᠪᠠᠷ 《ᠣᠯᠠᠨ ᠲᠥᠷᠥᠯᠳᠦ ᠴᠢᠩᠭᠡᠯᠢᠭ ᠲᠡᠭᠡᠭᠡᠪᠦᠷᠢ ᠶᠢᠨ ᠤᠬᠠᠭᠠᠯᠢᠭ ᠰᠢᠰᠲ᠋ᠧᠮ ᠨᠡᠪᠲᠡᠷᠡᠭᠦᠯᠬᠦ ᠲᠥᠰᠥᠯ》ᠬᠠᠩᠭᠢ ᠪᠣᠭᠣᠮᠲᠠ ᠳᠦ ᠬᠡᠷᠡᠭᠵᠢᠵᠦ᠂ ᠡᠺᠰᠫᠣᠷᠲ ᠤᠨ ᠲᠡᠭᠡᠭᠡᠪᠦᠷᠢ ᠶᠢᠨ ᠦᠢᠯᠡ ᠠᠵᠢᠯᠯᠠᠭ᠎ᠠ ᠶᠢ ᠡᠬᠢᠯᠡᠭᠦᠯᠦᠭᠰᠡᠨ ᠪᠥᠭᠡᠳ 50 ᠲᠡᠭᠡᠭᠡᠪᠦᠷᠢ ᠶᠢᠨ ᠬᠡᠷᠡᠭᠰᠡᠯ ᠢᠶᠡᠷ ᠨᠡᠶᠢᠲᠡ 5911.56 ᠲᠣᠨ ᠨᠡᠭᠦᠷᠡᠰᠦ ᠡᠺᠰᠫᠣᠷᠲᠯᠠᠵᠠᠢ᠃
《ᠬᠠᠩᠭᠢ ᠣᠯᠠᠨ ᠲᠥᠷᠥᠯᠳᠦ ᠴᠢᠩᠭᠡᠯᠢᠭ ᠲᠡᠭᠡᠭᠡᠪᠦᠷᠢ ᠶᠢᠨ ᠲᠧᠷᠮᠢᠨᠠᠯ》ᠨᠢ ᠬᠠᠩᠭᠢ ᠪᠣᠭᠣᠮᠲᠠ ᠠᠴᠠ 1.4 ᠺᠢᠯᠣᠮᠧᠲ᠋ᠷ᠂ ᠬᠢᠲᠠᠳ ᠤᠨ ᠬᠢᠯᠢ ᠶᠢᠨ ᠵᠤᠷᠪᠤᠰ ᠠᠴᠠ 900 ᠮᠧᠲ᠋ᠷ᠂ ᠮᠠᠨᠳᠤᠯ ᠪᠣᠭᠣᠮᠲᠠ ᠳ᠋ᠡᠬᠢ ᠠᠴᠢᠯᠲᠠ᠂ ᠪᠠᠭᠤᠯᠭᠠᠯᠲᠠ ᠶᠢᠨ ᠲᠠᠯᠠᠪᠠᠢ ᠠᠴᠠ 2.6 ᠺᠢᠯᠣᠮᠧᠲ᠋ᠷ ᠵᠠᠢ ᠳᠤ ᠪᠠᠶᠢᠷᠢᠯᠠᠳᠠᠭ ᠪᠥᠭᠡᠳ ᠨᠡᠶᠢᠲᠡ 33.5 ᠭᠠ ᠲᠠᠯᠠᠪᠠᠢ ᠳᠤ ᠲᠡᠮᠦᠷ ᠵᠠᠮ ᠪᠣᠯᠤᠨ ᠮᠠᠰᠢᠨ ᠲᠡᠷᠭᠡᠨ ᠤ ᠭᠤᠷᠪᠠᠨ ᠣᠷᠣᠴᠠ ᠲᠠᠢ᠂ 8.5 ᠺᠢᠯᠣᠮᠧᠲ᠋ᠷ ᠤᠷᠲᠤ ᠭᠤᠷᠪᠠᠨ ᠰᠠᠯᠠᠭ᠎ᠠ ᠲᠡᠮᠦᠷ ᠵᠠᠮ ᠲᠠᠢ᠂ ᠨᠡᠶᠢᠲᠡ 4500 ᠣᠷᠴᠢᠮ ᠴᠢᠩᠭᠡᠯᠢᠭ ᠬᠠᠳᠠᠭᠠᠯᠠᠬᠤ ᠲᠡᠭᠡᠭᠡᠪᠦᠷᠢᠯᠡᠬᠦ ᠬᠦᠴᠦᠨ ᠴᠢᠳᠠᠯ ᠲᠠᠢ᠃ ᠴᠢᠨᠠᠭᠰᠢᠳᠠ AGV᠂ ᠳᠡᠭᠦᠵᠢᠩ ᠲᠡᠭᠡᠭᠡᠪᠦᠷᠢ᠂ ᠮᠠᠰᠢᠨ ᠲᠡᠷᠭᠡ ᠭᠡᠰᠡᠨ ᠨᠡᠶᠢᠲᠡ ᠲᠠᠪᠤᠨ ᠭᠠᠷᠴᠠ ᠪᠠᠷ ᠡᠺᠰᠫᠣᠷᠲ ᠬᠢᠬᠦ ᠶᠤᠮ ᠪᠠᠶᠢᠨ᠎ᠠ᠃