ᠭ∙ ᠠᠶᠤᠷᠵᠠᠨ᠎ᠠ ᠶᠢᠨ《ᠪᠥᠭᠡ ᠶᠢᠨ ᠳᠣᠮᠣᠭ》ᠨᠣᠮ ᠤᠨ ᠡᠳᠦᠷᠯᠢᠭ  ᠵᠧᠨᠧᠧ ᠬᠤᠲᠠ ᠳᠤ ᠪᠣᠯᠪᠠ | News.MN

ᠭ∙ ᠠᠶᠤᠷᠵᠠᠨ᠎ᠠ ᠶᠢᠨ《ᠪᠥᠭᠡ ᠶᠢᠨ ᠳᠣᠮᠣᠭ》ᠨᠣᠮ ᠤᠨ ᠡᠳᠦᠷᠯᠢᠭ  ᠵᠧᠨᠧᠧ ᠬᠤᠲᠠ ᠳᠤ ᠪᠣᠯᠪᠠ

ᠮᠤᠩᠭᠤᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ᠂ ᠵᠣᠬᠢᠶᠠᠯᠴᠢ᠂ ᠢᠷᠠᠭᠤ ᠨᠠᠶᠢᠷᠠᠭᠴᠢ ᠭ∙ᠠᠶᠤᠷᠵᠠᠨ᠎ᠠ ᠶᠢᠨ《ᠪᠥᠭᠡ ᠶᠢᠨ ᠳᠣᠮᠣᠭ》ᠨᠣᠮ ᠤᠨ ᠲᠤᠬᠠᠢ ᠠᠭᠤᠯᠵᠠᠯᠲᠠ ᠶᠠᠷᠢᠯᠴᠠᠯᠭ᠎ᠠ ᠵᠧᠨᠧᠧ ᠬᠤᠲᠠ ᠳᠤ ᠪᠣᠯᠤᠯ᠎ᠠ᠃ ᠰᠸᠢᠰ᠂ ᠮᠣᠩᠭᠣᠯ ᠤᠨ 40 ᠭᠠᠷᠤᠢ ᠤᠩᠰᠢᠭᠴᠢ ᠣᠷᠣᠯᠴᠠᠭᠰᠠᠨ ᠠᠭᠤᠯᠵᠠᠯᠲᠠ ᠶᠢᠨ ᠦᠶ᠎ᠡ ᠪᠡᠷ ᠭ ∙ᠠᠶᠤᠷᠵᠠᠨ᠎ᠠ ᠪᠥᠭᠡ ᠮᠥᠷᠭᠥᠯ ᠦᠨ  ᠲᠤᠬᠠᠢ ᠪᠢᠴᠢᠬᠦ ᠪᠣᠯᠤᠭᠰᠠᠨ ᠰᠢᠯᠲᠠᠭᠠᠨ᠂ ᠰᠤᠳᠤᠯᠭ᠎ᠠ ᠬᠢᠭᠰᠡᠨ ᠲᠤᠬᠠᠢ ᠪᠠᠨ ᠶᠠᠷᠢᠪᠠ᠃ ᠮᠦᠨ ᠨᠣᠮ ᠢ ᠹᠷᠠᠨᠼᠢ ᠬᠡᠯᠡ ᠤᠷᠤᠭᠤ ᠬᠥᠷᠪᠡᠭᠦᠯᠦᠭᠰᠡᠨ ᠣᠷᠴᠢᠭᠤᠯᠤᠭᠴᠢ ᠷ∙ᠮᠦᠩᠬᠡᠵᠤᠯᠠ ᠥᠪᠡᠷ ᠦᠨ ᠰᠡᠳᠬᠢᠭᠳᠡᠯ᠂ ᠣᠷᠴᠢᠭᠤᠯᠤᠭᠰᠠᠨ ᠲᠤᠷᠰᠢᠯᠭ᠎ᠠ ᠠᠴᠠ ᠪᠠᠨ ᠬᠤᠪᠢᠶᠠᠯᠴᠠᠵᠤ᠂ ᠤᠩᠰᠢᠭᠴᠢ ᠰᠣᠨᠢᠷᠬᠠᠭᠴᠢᠳ ᠤᠨ ᠠᠰᠠᠭᠤᠯᠲᠠ ᠳᠤ ᠬᠠᠷᠢᠭᠤᠯᠵᠤ ᠬᠡᠯᠡᠯᠴᠡᠭᠦᠯᠭᠡ ᠥᠷᠨᠢᠭᠦᠯᠪᠡ᠃

《ᠪᠥᠭᠡ ᠶᠢᠨ ᠳᠣᠮᠣᠭ》ᠷᠣᠮᠠᠨ ᠤ ᠹᠷᠠᠨᠼᠢ  ᠬᠡᠯᠡᠨ ᠦ ᠣᠷᠴᠢᠭᠤᠯᠭ᠎ᠠ《La Legende du Shaman》ᠨᠣᠮ ᠢ ᠡᠨᠡ ᠣᠨ ᠤ ᠨᠢᠭᠡᠳᠦᠭᠡᠷ ᠰᠠᠷ᠎ᠠ ᠳᠤ ᠬᠡᠪᠯᠡᠨ ᠭᠠᠷᠭᠠᠵᠤ᠂ ᠹᠷᠠᠨᠼᠢ᠂ ᠪᠧᠯᠬᠢ᠂ᠰᠸᠢᠰ ᠤᠨ ᠬᠣᠲᠠ ᠨᠤᠭᠤᠳ ᠲᠤ ᠴᠤᠪᠤᠷᠠᠯ ᠠᠭᠤᠯᠵᠠᠯᠲᠠ ᠲᠠᠨᠢᠯᠴᠠᠭᠤᠯᠭ᠎ᠠ ᠬᠢᠵᠦ ᠪᠠᠶᠢᠭ᠎ᠠ ᠨᠢ ᠡᠨᠡ ᠠᠵᠠᠢ᠃《ᠪᠥᠭᠡ ᠶᠢᠨ ᠳᠣᠮᠣᠭ》ᠨᠢ ᠵᠣᠬᠢᠶᠠᠭᠴᠢ ᠶᠢᠨ ᠳᠥᠷᠪᠡᠳ᠋ᠡᠬᠢ ᠷᠣᠮᠠᠨ ᠪᠥᠭᠡᠳ ᠡᠨᠡ ᠨᠤᠮ ᠳᠤ ᠪᠤᠷᠢᠶᠠᠳ ᠲᠦᠮᠡᠨ ᠦ ᠦᠨᠳᠦᠰᠦ ᠤᠭᠰᠠᠭ᠎ᠠ᠂ ᠰᠤᠶᠤᠯ ᠤᠬᠠᠮᠰᠠᠷ ᠤᠨ ᠰᠦᠢᠷᠡᠯ ᠢ ᠪᠥᠭᠡ ᠮᠥᠷᠭᠥᠯ ᠦᠨ ᠰᠡᠳᠦᠪ ᠢᠶᠡᠷ ᠪᠡᠯᠭᠡᠳᠡᠨ ᠳᠦᠷᠰᠦᠯᠡᠵᠦ᠂ ᠲᠡᠭᠦᠨᠴᠢᠯᠡᠨ ᠬᠠᠶᠢᠷ᠎ᠠ ᠳᠤᠷᠠᠯᠠᠯ ᠤᠨ ᠰᠡᠳᠦᠪ ᠢ ᠬᠦᠮᠦᠨ ᠦ ᠣᠶᠤᠨ ᠰᠠᠨᠠᠭᠠᠨ ᠳ᠋ᠡᠬᠢ ᠳᠠᠯᠳᠠ ᠣᠷᠣᠨ ᠵᠠᠢ ᠳᠤ ᠳᠡᠪᠢᠰᠬᠡᠷᠯᠡᠨ ᠬᠥᠨᠳᠡᠵᠦ ᠪᠢᠴᠢᠵᠡᠢ᠃

 

ᠰᠡᠳᠬᠢᠭᠳᠡᠯ ᠦᠯᠡᠳᠡᠭᠡᠬᠦ