《ᠦᠨᠳᠦᠰᠦᠨ ᠦ ᠪᠢᠴᠢᠭ ᠦᠨ ᠲᠡᠭᠡᠭᠡᠭᠴᠢ᠂ ᠲᠦᠭᠡᠭᠡᠭᠴᠢ》ᠢᠷᠭᠡᠳ ᠢ ᠰᠢᠯᠭᠠᠷᠠᠭᠤᠯᠪᠠ | News.MN

《ᠦᠨᠳᠦᠰᠦᠨ ᠦ ᠪᠢᠴᠢᠭ ᠦᠨ ᠲᠡᠭᠡᠭᠡᠭᠴᠢ᠂ ᠲᠦᠭᠡᠭᠡᠭᠴᠢ》ᠢᠷᠭᠡᠳ ᠢ ᠰᠢᠯᠭᠠᠷᠠᠭᠤᠯᠪᠠ

ᠦᠨᠳᠦᠰᠦᠨ ᠦ ᠪᠢᠴᠢᠭ ᠦᠰᠦᠭ ᠦᠨ ᠪᠠᠶᠠᠷ ᠢ ᠤᠭᠲᠤᠨ᠂ ᠳᠤᠮᠳᠠᠭᠤᠪᠢ ᠠᠶᠢᠮᠠᠭ ᠤᠨ ᠬᠡᠯᠡᠨ ᠦ ᠰᠠᠯᠪᠤᠷᠢ ᠵᠥᠪᠯᠡᠯ ᠦᠨᠳᠦᠰᠦᠨ ᠦ ᠪᠢᠴᠢᠭ ᠦᠰᠦᠭ ᠢᠶᠡᠨ ᠰᠤᠷᠲᠠᠯᠴᠢᠯᠠᠨ ᠲᠠᠨᠢᠭᠤᠯᠬᠤ᠂ ᠲᠦᠭᠡᠭᠡᠨ ᠳᠡᠯᠭᠡᠷᠡᠭᠦᠯᠬᠦ᠂ ᠥᠪ ᠰᠤᠶᠤᠯ ᠢᠶᠠᠨ ᠬᠠᠳᠠᠭᠠᠯᠠᠵᠤ ᠬᠠᠮᠠᠭᠠᠯᠠᠬᠤ ᠣᠯᠠᠨ ᠲᠠᠯᠠᠲᠤ ᠠᠵᠢᠯ ᠢ ᠲᠥᠯᠥᠪᠯᠡᠨ ᠬᠡᠷᠡᠭᠵᠢᠭᠦᠯᠵᠦ ᠪᠠᠶᠢᠨ᠎ᠠ᠃ ᠲᠤᠬᠠᠶᠢᠯᠠᠪᠠᠯ᠂ ᠳᠦᠷᠪᠡᠳᠦᠭᠡᠷ ᠰᠠᠷ᠎ᠠ ᠳᠤ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠦᠨ 6-12 ᠳ᠋ᠤᠭᠠᠷ ᠠᠩᠬᠢ ᠶᠢᠨ ᠰᠤᠷᠤᠯᠴᠠᠭᠴᠢᠳ ᠤᠨ ᠳᠤᠮᠳᠠ ᠦᠨᠳᠦᠰᠦᠨ ᠦ ᠪᠢᠴᠢᠭ ᠦᠨ《ᠲᠡᠷᠢᠭᠦᠨ ᠦ ᠬᠤᠷᠳᠤᠨ ᠤᠩᠰᠢᠭᠴᠢ》  ᠢ ᠰᠢᠯᠭᠠᠷᠠᠭᠤᠯᠤᠭᠰᠠᠨ ᠪᠣᠯ ᠰᠠᠶᠢᠨᠴᠠᠭᠠᠨ ᠰᠤᠮᠤ ᠶᠢᠨ ᠬᠡᠯᠡᠨ ᠦ ᠰᠠᠯᠪᠤᠷᠢ ᠵᠥᠪᠯᠡᠯ ᠡᠴᠡ ᠢᠷᠭᠡᠳ ᠦᠨ ᠳᠤᠮᠳᠠ 《ᠦᠨᠳᠦᠰᠦᠨ ᠦ ᠪᠢᠴᠢᠭ ᠦᠨ ᠲᠡᠭᠡᠭᠡᠭᠴᠢ᠂ ᠲᠦᠭᠡᠭᠡᠭᠴᠢ》 ᠡᠳᠦᠷᠯᠢᠭ ᠵᠣᠬᠢᠶᠠᠨ ᠪᠠᠶᠢᠭᠤᠯᠵᠠᠢ᠃

《ᠦᠨᠳᠦᠰᠦᠨ ᠦ ᠪᠢᠴᠢᠭ ᠦᠨ ᠲᠡᠭᠡᠭᠡᠭᠴᠢ᠂ ᠲᠦᠭᠡᠭᠡᠭᠴᠢ》ᠡᠳᠦᠷᠯᠢᠭ ᠦᠨ ᠦᠶ᠎ᠡ ᠪᠡᠷ《ᠦᠨᠳᠦᠰᠦᠨ ᠦ ᠪᠢᠴᠢᠭ ᠦᠨ ᠰᠣᠷᠢᠯ》᠂ 《ᠠᠯᠲᠠᠨ ᠬᠣᠩᠬᠣ》᠂ 《ᠮᠢᠨᠦ᠋ᠲ ᠤᠨ ᠤᠩᠰᠢᠯᠭ᠎ᠠ》 ᠭᠡᠰᠡᠨ ᠭᠤᠷᠪᠠᠨ ᠲᠥᠷᠥᠯ ᠢᠶᠡᠷ ᠤᠷᠤᠯᠳᠤᠭᠠᠨ ᠵᠣᠬᠢᠶᠠᠨ ᠪᠠᠶᠢᠭᠤᠯᠵᠤ᠂ 《ᠠᠯᠲᠠᠨ ᠬᠣᠩᠬᠣ》ᠲᠥᠷᠥᠯ ᠳᠦ ᠰᠠᠶᠢᠨᠴᠠᠭᠠᠨ ᠰᠤᠮᠤ ᠶᠢᠨ ᠨᠠᠢ᠌ᠮᠠᠳᠤᠭᠠᠷ ᠪᠠᠭ ᠤᠨ ᠢᠷᠭᠡᠨ ᠳ ∙ᠪᠠᠲᠤᠮᠦ᠋ᠩᠬᠡ ᠲᠦᠷᠦᠭᠦᠯᠡᠵᠦ᠂  ᠶᠢᠰᠦᠳᠦᠭᠡᠷ ᠪᠠᠭ ᠤᠨ ᠢᠷᠭᠡᠨ ᠡ᠊ ∙ ᠵᠤᠯᠵᠠᠶᠠᠭ᠎ᠠ ᠤᠳᠠᠭᠠᠯᠠᠭᠰᠠᠨ ᠪᠣᠯ《ᠦᠨᠳᠦᠰᠦᠨ ᠦ ᠪᠢᠴᠢᠭ ᠦᠨ ᠰᠣᠷᠢᠯ》ᠲᠥᠷᠥᠯ ᠳᠦ 8 ᠳ᠋ᠤᠭᠠᠷ ᠪᠠᠭ ᠤᠨ ᠢᠷᠭᠡᠨ ᠪ ∙ ᠣᠳᠬᠣᠨᠴᠢᠮᠡᠭ ᠲᠦᠷᠦᠭᠦᠯᠡᠵᠦ᠂ ᠮᠠᠨᠳᠤᠯ ᠪᠠᠭ ᠤᠨ ᠢᠷᠭᠡᠨ ᠪᠤᠶᠠᠠᠠᠠᠷᠪᠢᠵᠢᠬᠤ ᠤᠳᠠᠭᠠᠬᠢ ᠪᠠᠶᠢᠷᠢ ᠳᠤ ᠰᠢᠯᠭᠠᠷᠠᠵᠠᠢ᠃

ᠰᠡᠳᠬᠢᠭᠳᠡᠯ ᠦᠯᠡᠳᠡᠭᠡᠬᠦ