ᠬᠣᠪᠳᠣ ᠠᠶᠢᠮᠠᠭ ᠲᠤ ᠵᠡᠷᠯᠢᠭ  ᠠᠮᠢᠲᠠᠨ ᠠᠩᠨᠠᠬᠤ ᠳᠠᠭᠤᠳᠠᠯᠭ᠎ᠠ ᠬᠤᠳᠠᠯᠳᠤᠭ᠎ᠠ ᠵᠠᠷᠯᠠᠵᠠᠢ | News.MN

ᠬᠣᠪᠳᠣ ᠠᠶᠢᠮᠠᠭ ᠲᠤ ᠵᠡᠷᠯᠢᠭ  ᠠᠮᠢᠲᠠᠨ ᠠᠩᠨᠠᠬᠤ ᠳᠠᠭᠤᠳᠠᠯᠭ᠎ᠠ ᠬᠤᠳᠠᠯᠳᠤᠭ᠎ᠠ ᠵᠠᠷᠯᠠᠵᠠᠢ

ᠬᠣᠪᠳᠣ ᠠᠶᠢᠮᠠᠭ ᠲᠤ《ᠲᠤᠰᠬᠠᠢ ᠵᠣᠷᠢᠭᠤᠯᠤᠯᠲᠠ ᠪᠠᠷ ᠤᠭᠠᠯᠵᠠ᠂ ᠲᠡᠬᠡ᠂ ᠵᠡᠷᠯᠢᠭ ᠭᠠᠬᠠᠢ ᠠᠩᠨᠠᠭᠤᠯᠬᠤ ᠵᠥᠪᠰᠢᠶᠡᠷᠡᠯ ᠣᠯᠭᠣᠬᠤ》 ᠨᠡᠭᠡᠭᠡᠯᠲᠡ ᠲᠡᠢ ᠳᠠᠭᠤᠳᠠᠯᠭ᠎ᠠ ᠬᠤᠳᠠᠯᠳᠤᠭ᠎ᠠ ᠵᠠᠷᠯᠠᠭᠰᠠᠨ ᠪᠠᠶᠢᠨ᠎ᠠ᠃ ᠮᠣᠩᠭᠣᠯ ᠤᠯᠤᠰ ᠤᠨ ᠵᠠᠰᠠᠭ ᠤᠨ ᠭᠠᠵᠠᠷ ᠤᠨ 89  ᠳ᠋ᠦ᠋ᠭᠡᠷ ᠲᠣᠭᠲᠠᠭᠠᠯ ᠢᠶᠠᠷ ᠬᠣᠪᠳᠣ ᠠᠶᠢᠮᠠᠭ ᠤᠨ ᠠᠩᠨᠠᠭᠤᠷ ᠤᠨ ᠪᠥᠰᠡ ᠨᠤᠲᠤᠭ ᠠᠴᠠ ᠤᠭᠠᠯᠵᠠ 7᠂ ᠲᠡᠬᠡ 27᠂ ᠵᠡᠷᠯᠢᠭ ᠭᠠᠬᠠᠢ 12 ᠲᠣᠯᠣᠭᠠᠢ ᠶᠢ ᠠᠩᠨᠠᠭᠤᠯᠬᠤ  ᠶᠤᠮ᠃

ᠳᠠᠭᠤᠳᠠᠯᠭ᠎ᠠ ᠬᠤᠳᠠᠯᠳᠤᠭᠠᠨ ᠳᠤ ᠤᠷᠤᠯᠴᠠᠬᠤ ᠦᠨ᠎ᠡ ᠶᠢ ᠲᠣᠳᠣᠷᠠᠭᠤᠯᠪᠠᠯ᠂ ᠨᠢᠭᠡ ᠤᠭᠠᠯᠵᠠ 22 ᠰᠠᠶ᠎ᠠ ᠲᠥᠭᠥᠷᠢᠭ᠂ ᠨᠢᠭᠡ ᠲᠡᠬᠡ 1.060.000 ᠲᠥᠭᠥᠷᠢᠭ᠂  ᠨᠢᠭᠡ  ᠵᠡᠷᠯᠢᠭ ᠭᠠᠬᠠᠢ 5.690.000 ᠲᠥᠭᠥᠷᠢᠭ ᠢᠶᠡᠷ ᠦᠨᠡᠯᠡᠳᠡᠭ᠃

ᠰᠡᠳᠬᠢᠭᠳᠡᠯ ᠦᠯᠡᠳᠡᠭᠡᠬᠦ