ᠮᠣᠩᠭᠣᠯ ᠡᠮᠡᠭᠲᠡᠢ ᠶᠠᠫᠣᠨ ᠳᠤ ᠰᠠᠶᠢᠨ ᠳᠤᠷ᠎ᠠ ᠶᠢᠨ ᠭᠠᠯ ᠰᠥᠨᠥᠭᠡᠭᠴᠢ ᠪᠣᠯᠪᠠ | News.MN

ᠮᠣᠩᠭᠣᠯ ᠡᠮᠡᠭᠲᠡᠢ ᠶᠠᠫᠣᠨ ᠳᠤ ᠰᠠᠶᠢᠨ ᠳᠤᠷ᠎ᠠ ᠶᠢᠨ ᠭᠠᠯ ᠰᠥᠨᠥᠭᠡᠭᠴᠢ ᠪᠣᠯᠪᠠ

ᠶᠠᠫᠣᠨ ᠳᠤ ᠣᠯᠠᠨ ᠤᠯᠤᠰ ᠤᠨ ᠬᠠᠷᠢᠯᠴᠠᠭᠠᠨ ᠤ ᠵᠣᠬᠢᠴᠠᠭᠤᠯᠤᠭᠴᠢ ᠪᠠᠷ ᠠᠵᠢᠯᠯᠠᠳᠠᠭ ᠴᠢᠨᠪᠠᠲᠤ ᠶᠢᠨ ᠠᠨᠤᠨ ᠰᠢᠽᠤᠺᠠ ᠮᠤᠵᠢ ᠶᠢᠨ  ᠢᠽᠤᠨᠤᠺᠤᠨᠢ ᠬᠣᠲᠠ ᠶᠢᠨ ᠡᠮᠡᠭᠲᠡᠢ ᠭᠠᠯ ᠰᠥᠨᠥᠭᠡᠭᠴᠢᠳ ᠦᠨ ᠰᠠᠯᠠᠭᠠᠨ ᠳᠤ ᠨᠢᠭᠡᠳᠴᠦ᠂ ᠲᠥᠪ ᠶᠠᠫᠣᠨ ᠳᠤ ᠰᠠᠶᠢᠨ ᠳᠤᠷ᠎ᠠ ᠶᠢᠨ ᠭᠠᠯ ᠰᠥᠨᠥᠭᠡᠭᠴᠢ ᠪᠣᠯᠤᠭᠰᠠᠨ ᠴᠥᠭᠡᠬᠡᠨ ᠭᠠᠳᠠᠭᠠᠳᠤ ᠢᠷᠭᠡᠳ ᠦᠨ ᠨᠢᠭᠡ ᠪᠣᠯᠤᠭᠰᠠᠨ ᠭᠡᠨ᠎ᠡ᠃

ᠡᠳᠦᠭᠡ 39 ᠨᠠᠰᠤᠲᠠᠢ ᠴ∙ᠠᠨᠤᠨ ᠭᠠᠮᠰᠢᠭ ᠤᠨ ᠰᠤᠷᠭᠠᠯᠲᠠ ᠳᠤ ᠤᠷᠤᠯᠴᠠᠬᠤ ᠦᠶ᠎ᠡ ᠳᠦ ᠪᠡᠨ ᠶᠠᠫᠣᠨᠴᠤᠳ ᠭᠠᠮᠰᠢᠭ ᠠᠴᠠ ᠤᠷᠢᠳᠴᠢᠯᠠᠨ ᠰᠡᠷᠭᠡᠶᠢᠯᠡᠬᠦ ᠲᠠᠯ᠎ᠠ ᠪᠠᠷ ᠮᠡᠳᠡᠯᠭᠡ ᠶᠡᠬᠡ ᠲᠡᠢ ᠪᠠᠶᠢᠭ᠎ᠠ ᠶᠢ ᠬᠠᠷᠠᠭᠠᠳ ᠭᠠᠯ ᠤᠨᠲᠠᠷᠠᠭᠠᠬᠤ ᠠᠩᠭᠢ ᠳᠤ ᠣᠷᠣᠬᠤ ᠪᠠᠷ ᠰᠢᠢᠳᠴᠠᠢ᠃ ᠲᠡᠷᠡᠪᠡᠷ ᠭᠠᠮᠰᠢᠭ ᠤᠨ ᠦᠶ᠎ᠡ ᠳᠦ ᠣᠷᠣᠨ ᠨᠤᠲᠤᠭ ᠤᠨ ᠢᠷᠭᠡᠳ ᠲᠦ ᠲᠤᠰᠠᠯᠠᠬᠤ ᠠᠴᠠ ᠭᠠᠳᠠᠨ᠎ᠠ ᠰᠤᠷᠤᠭᠰᠠᠨ ᠮᠡᠳᠡᠭᠰᠡᠨ ᠢᠶᠡᠨ ᠡᠬᠡ ᠣᠷᠣᠨ ᠳᠤ ᠪᠠᠨ ᠢᠷᠡᠭᠡᠳ ᠬᠡᠷᠡᠭᠵᠢᠭᠦᠯᠬᠦ ᠪᠣᠳᠣᠯ ᠲᠠᠢ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ