ᠮᠣᠩᠭᠣᠯ ᠤᠨ ᠬᠣᠺᠺᠧᠢᠴᠢᠳ ᠢᠨᠳᠤᠨᠢᠽ ᠤᠨ  ᠪᠠᠭ ᠲᠠᠢ ᠲᠣᠭᠯᠠᠨ᠎ᠠ   | News.MN

ᠮᠣᠩᠭᠣᠯ ᠤᠨ ᠬᠣᠺᠺᠧᠢᠴᠢᠳ ᠢᠨᠳᠤᠨᠢᠽ ᠤᠨ  ᠪᠠᠭ ᠲᠠᠢ ᠲᠣᠭᠯᠠᠨ᠎ᠠ  

2024 ᠣᠨ ᠤ ᠱᠠᠪᠲ᠋ᠠᠢ ᠶᠢᠨ ᠬᠣᠺᠺᠧᠢ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠳᠦᠷᠪᠡᠳᠦᠭᠡᠷ ᠳ᠋ᠢᠸᠢᠽᠢᠶᠤᠨ ᠤ ᠠᠪᠤᠷᠭᠤ ᠰᠢᠯᠭᠠᠷᠠᠭᠤᠯᠬᠤ ᠲᠡᠮᠡᠴᠡᠭᠡᠨ ᠮᠠᠷᠭᠠᠰᠢ ᠺᠤᠸᠠᠢᠲ ᠲᠦ ᠡᠬᠢᠯᠡᠨ᠎ᠡ᠃ ᠲᠤᠰ ᠬᠡᠰᠡᠭ ᠦᠨ ᠲᠡᠮᠡᠴᠡᠭᠡᠨ ᠳᠦ ᠮᠣᠩᠭᠣᠯ- ᠢᠨᠳᠤᠨᠢᠽ ᠂ ᠮᠠᠯᠠᠶᠢᠽ- ᠺᠤᠸᠠᠢᠲ ᠤᠨ ᠰᠢᠭᠰᠢᠭᠡ ᠪᠠᠭ ᠤᠳ ᠤᠴᠠᠷᠠᠭ᠎ᠠ ᠲᠠᠭᠠᠷᠠᠵᠠᠢ᠃ ᠢᠯᠠᠭᠰᠠᠨ ᠪᠠᠭ ᠭᠤᠷᠪᠠᠳᠤᠭᠠᠷ ᠳ᠋ᠢᠸᠢᠽᠢᠶᠤᠨ ᠳᠦ ᠰᠢᠯᠭᠠᠷᠠᠵᠤ ᠤᠷᠤᠯᠴᠠᠬᠤ ᠶᠤᠮ᠃

ᠥᠩᠭᠡᠷᠡᠭᠰᠡᠨ ᠰᠠᠷ᠎ᠠ ᠳᠤ ᠪᠣᠯᠤᠭᠰᠠᠨ ᠮᠣᠩᠭᠣᠯ ᠤᠨ ᠬᠣᠺᠺᠧᠢ ᠶᠢᠨ ᠬᠣᠯᠪᠣᠭᠠᠨ ᠤ 2023-2024 ᠣᠨ ᠤ ᠯᠢᠭ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ《ᠳᠠᠷᠬᠠᠨ》ᠪᠠᠭ ᠠᠪᠤᠷᠭᠤᠯᠠᠵᠤ ᠠᠯᠲᠠᠨ ᠴᠣᠮᠣ ᠶᠢᠨ ᠡᠵᠡᠨ ᠪᠣᠯᠤᠭᠰᠠᠨ ᠪᠢᠯᠡ᠃ ᠥᠩᠭᠡᠷᠡᠭᠰᠡᠨ ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠳᠦᠷᠪᠡᠳᠦᠭᠡᠷ ᠳ᠋ᠢᠸᠢᠽᠢᠶᠤᠨ  ᠤ ᠲᠡᠮᠡᠴᠡᠭᠡᠨ ᠢ ᠮᠣᠩᠭᠣᠯ ᠤᠯᠤᠰ ᠠᠩᠬ᠎ᠠ ᠤᠳᠠᠭ᠎ᠠ ᠵᠣᠬᠢᠶᠠᠨ ᠪᠠᠶᠢᠭᠤᠯᠤᠭᠰᠠᠨ ᠶᠤᠮ᠃

ᠰᠡᠳᠬᠢᠭᠳᠡᠯ ᠦᠯᠡᠳᠡᠭᠡᠬᠦ