ᠤᠯᠢᠮᠫᠢᠺ ᠲᠤ ᠡᠮᠦᠰᠬᠦ ᠶᠢᠰᠦᠨ ᠬᠥᠯᠲᠦ ᠴᠠᠭᠠᠨ ᠲᠤᠭ ᠤᠨ ᠵᠢᠷᠤᠭ ᠲᠠᠢ ᠬᠤᠪᠴᠠᠰᠤ | News.MN

 ᠤᠯᠢᠮᠫᠢᠺ ᠲᠤ ᠡᠮᠦᠰᠬᠦ ᠶᠢᠰᠦᠨ ᠬᠥᠯᠲᠦ ᠴᠠᠭᠠᠨ ᠲᠤᠭ ᠤᠨ ᠵᠢᠷᠤᠭ ᠲᠠᠢ ᠬᠤᠪᠴᠠᠰᠤ

ᠮᠣᠩᠭᠣᠯ ᠤᠯᠤᠰ ᠤᠨ ᠲᠠᠮᠢᠷᠴᠢᠳ᠂ ᠳᠠᠰᠬᠠᠯᠵᠢᠭᠤᠯᠤᠭᠴᠢᠳ᠂ ᠠᠯᠪᠠᠨ ᠤ ᠬᠢᠨ ᠤ ᠤᠯᠢᠮᠫᠢᠺ ᠤᠨ ᠨᠡᠭᠡᠭᠡᠯᠲᠡ ᠳᠦ ᠡᠮᠥᠰᠬᠦ ᠶᠣᠰᠣᠯᠠᠯ ᠤᠨ ᠬᠤᠪᠴᠠᠰᠤ ᠶᠢ《ᠮᠢᠰᠢᠶᠡᠯ ᠠᠮᠠᠽᠣᠨᠺᠠ》ᠺᠣᠮᠫᠠᠨᠢ ᠤᠷᠠᠯᠠᠵᠤ ᠪᠠᠶᠢᠭ᠎ᠠ ᠪᠣᠯ ᠰᠫᠣᠷᠲ ᠬᠤᠪᠴᠠᠰᠤ ᠶᠢ ᠶᠠᠫᠣᠨ ᠤ《 ᠮᠢᠽᠦ᠋ᠨᠤ᠋》ᠪᠷᠡᠨᠳ᠋ ᠬᠢᠬᠦ ᠶᠤᠮ᠃

《ᠮᠢᠰᠢᠶᠡᠯ ᠠᠮᠠᠽᠣᠨᠺᠠ》ᠨᠢ ᠡᠪᠦᠯ᠂ ᠵᠤᠨ ᠤ ᠤᠯᠢᠮᠫᠢᠺ  ᠤᠨ ᠨᠠᠭᠠᠳᠤᠮ ᠳᠤ ᠣᠷᠣᠯᠴᠠᠭᠰᠠᠨ ᠲᠠᠮᠢᠷᠴᠢᠳ ᠤᠨ ᠬᠤᠪᠴᠠᠰᠤ ᠶᠢ ᠤᠷᠠᠯᠠᠭᠰᠠᠨ ᠲᠤᠷᠰᠢᠯᠭ᠎ᠠ ᠲᠠᠢ ᠪᠣᠯ《ᠮᠢᠽᠦ᠋ᠨᠤ᠋》 ᠶᠢ ᠰᠣᠩᠭᠣᠬᠤ ᠳᠤ ᠪᠠᠨ 18-60 ᠨᠠᠰᠤᠨ ᠤ ᠠᠷᠪᠠᠨ ᠮᠢᠩᠭᠠᠨ ᠢᠷᠭᠡᠨ᠂ ᠦᠨᠳᠦᠰᠦᠨ ᠦ ᠪᠠᠭ ᠤᠨ 303 ᠬᠦᠮᠦᠨ ᠦ ᠳᠤᠮᠳᠠ ᠰᠠᠨᠠᠯ ᠠᠰᠠᠭᠤᠯᠭ᠎ᠠ ᠪᠠᠷ ᠰᠢᠯᠭᠠᠷᠠᠭᠤᠯᠵᠠᠢ᠃ ᠶᠣᠰᠣᠯᠠᠯ ᠤᠨ ᠪᠣᠯᠤᠨ ᠰᠫᠣᠷᠲ ᠤᠨ ᠪᠠᠭᠴᠠ ᠬᠤᠪᠴᠠᠰᠤᠨ ᠤ ᠵᠠᠭᠪᠤᠷ ᠢ ᠡᠴᠦᠰᠯᠡᠨ ᠪᠠᠲᠤᠯᠠᠵᠤ᠂ ᠵᠢᠷᠭᠤᠳᠤᠭᠠᠷ ᠰᠠᠷ᠎ᠠ ᠶᠢᠨ ᠠᠷᠪᠠᠨ ᠲᠠᠪᠤᠨ ᠤ ᠳᠣᠲᠣᠷ᠎ᠠ ᠪᠡᠯᠡᠨ ᠪᠣᠯᠭᠠᠬᠤ ᠭᠡᠨ᠎ᠡ᠃

《ᠮᠢᠰᠢᠶᠡᠯ ᠠᠮᠠᠽᠣᠨᠺᠠ》 ᠶᠢᠨ ᠶᠡᠷᠦᠩᠬᠡᠢ ᠮᠧᠨᠧᠵᠧᠷ ᠪ∙ᠮᠥᠩᠬᠡᠪᠠᠶᠠᠷ᠄《ᠪᠢᠳᠡ ᠡᠮᠦᠨ᠎ᠡ ᠨᠢ︿ᠲᠤᠤᠺᠢᠤ᠋ -2020﹀᠂︿ᠪᠡᠭᠡᠵᠢᠩ -2022﹀ᠤᠯᠢᠮᠫᠢᠺ ᠤᠨ ᠨᠠᠭᠠᠳᠤᠮ ᠤᠨ ᠬᠤᠪᠴᠠᠰᠤ ᠶᠢ ᠤᠷᠠᠯᠠᠭᠰᠠᠨ᠃ ᠪᠡᠭᠡᠵᠢᠩ ᠦᠨ ᠤᠯᠢᠮᠫᠢᠺ ᠲᠤ ᠵᠣᠷᠢᠭᠤᠯᠵᠤ ᠬᠢᠭᠰᠡᠨ ᠲᠠᠮᠢᠷᠴᠢᠳ ᠤᠨ ᠵᠠᠭᠪᠤᠷ ᠤᠨ ᠳᠡᠪᠡᠯ ᠢ ᠣᠯᠠᠨ ᠤᠯᠤᠰ ᠤᠨ ᠤᠯᠢᠮᠫᠢᠺ ᠤᠨ ᠬᠣᠷᠢᠶᠠᠨ ᠤ ᠮᠦᠽᠧᠢ ᠳᠤᠷᠠᠰᠬᠠᠯ ᠪᠣᠯᠭᠠᠵᠤ ᠥᠭᠭᠦᠭᠡᠴᠢ ᠭᠡᠳ ᠬᠠᠳᠠᠭᠠᠯᠠᠭᠤᠯᠤᠭᠰᠠᠨ ᠪᠠᠶᠢᠳᠠᠭ᠃

ᠫᠠᠷᠢᠰ ᠥᠪᠡᠷ ᠢᠶᠡᠨ ᠵᠠᠭᠪᠤᠷ ᠤᠨ ᠬᠣᠲᠠ᠃ ᠲᠡᠶᠢᠮᠦ ᠡᠴᠡ ᠬᠢᠴᠡ ᠨᠡᠯᠢᠶᠡᠳ ᠳᠡᠭᠵᠢᠨ ᠪᠠᠶᠢᠬᠤ ᠶᠣᠰᠣᠲᠠᠢ᠃ ᠣᠷᠴᠢᠨ ᠦᠶ᠎ᠡ ᠶᠢᠨ ᠬᠡᠪ ᠰᠢᠨᠵᠢ ᠶᠢ ᠬᠠᠷᠠᠭᠤᠯᠤᠭᠰᠠᠨ᠃ ᠭᠣᠣᠯ ᠢᠯᠭᠠᠷᠠᠵᠤ ᠪᠠᠶᠢᠭ᠎ᠠ ᠵᠦᠢᠯ ᠨᠢ ᠬᠠᠨᠳᠠᠭᠠᠵᠠ᠂ ᠬᠠᠳᠬᠤᠮᠠᠯ ᠃ ᠮᠣᠩᠭᠣᠯ ᠦᠨᠳᠦᠰᠦᠨ ᠦ ᠪᠠᠬᠠᠷᠬᠠᠯ ᠪᠣᠯᠬᠤ ᠶᠢᠰᠦᠨ ᠬᠥᠯᠲᠦ ᠴᠠᠭᠠᠨ ᠲᠤᠭ᠂ ᠤᠯᠢᠮᠫᠢᠺ ᠤᠨ ᠪᠠᠮᠪᠠᠷ᠂ ᠬᠠᠲᠤᠳ ᠤᠨ ᠥᠯᠵᠡᠢ ᠬᠡ ᠪᠣᠯᠤᠨ ᠠᠯᠤᠬᠠᠨ ᠬᠡ᠂ ᠨᠠᠷᠠ ᠰᠠᠷᠠ ᠭᠡᠬᠦ ᠮᠡᠲᠦ ᠣᠯᠠᠨ ᠵᠦᠢᠯᠡᠰ ᠢ ᠬᠠᠳᠬᠤᠮᠠᠯ ᠢᠶᠠᠷ ᠬᠢᠭᠰᠡᠨ᠃ ᠭᠠᠷ ᠠᠵᠢᠯᠯᠠᠭ᠎ᠠ ᠨᠡᠯᠢᠶᠡᠳ ᠶᠡᠬᠡ ᠱᠠᠭᠠᠷᠳᠠᠵᠤ ᠪᠠᠶᠢᠭ᠎ᠠ ᠤᠴᠢᠷ ᠠᠴᠠ ᠨᠢᠭᠡ ᠲᠠᠮᠢᠷᠴᠢᠨ ᠤ ᠢᠵᠢ ᠪᠦᠷᠢᠨ ᠬᠤᠪᠴᠠᠰᠤ ᠶᠢ ᠤᠷᠠᠯᠠᠬᠤ ᠳᠤ ᠲᠠᠪᠤ ᠬᠣᠨᠣᠭ ᠤᠷᠤᠨ᠎ᠠ》ᠭᠡᠪᠡ᠃

ᠰᠡᠳᠬᠢᠭᠳᠡᠯ ᠦᠯᠡᠳᠡᠭᠡᠬᠦ