ᠡᠮᠡᠭᠲᠡᠢ ᠮᠣᠲ᠋ᠣᠼᠢᠺᠠᠯᠴᠢᠳ ᠲᠣᠷᠭᠠᠨ ᠤ ᠵᠠᠮ ᠢᠶᠠᠷ ᠠᠶᠠᠯᠠᠨ᠎ᠠ | News.MN

ᠡᠮᠡᠭᠲᠡᠢ ᠮᠣᠲ᠋ᠣᠼᠢᠺᠠᠯᠴᠢᠳ ᠲᠣᠷᠭᠠᠨ ᠤ ᠵᠠᠮ ᠢᠶᠠᠷ ᠠᠶᠠᠯᠠᠨ᠎ᠠ

ᠮᠣᠩᠭᠣᠯ ᠤᠨ ᠡᠮᠡᠭᠲᠡᠢ ᠮᠣᠲ᠋ᠣᠼᠢᠺᠠᠯᠴᠢᠳ ᠠᠴᠠ ᠨ ∙ ᠣᠷᠭᠢᠯᠮ᠎ᠠ ᠂ ᠡ᠊∙ᠡᠷᠳᠡᠨᠢᠴᠢᠮᠡᠭ ᠨᠠᠷ ᠲᠣᠷᠭᠠᠨ ᠤ ᠵᠠᠮ ᠢᠶᠠᠷ ᠠᠶᠠᠯᠠᠬᠤ ᠭᠡᠵᠦ ᠪᠠᠶᠢᠨ᠎ᠠ᠃ ᠲᠡᠳᠡ ᠤᠯᠠᠭᠠᠨᠪᠠᠭᠠᠲᠤᠷ – ᠪᠠᠶᠠᠨ ᠥᠯᠥᠭᠡᠢ -ᠣᠷᠣᠰ – ᠬᠠᠰᠠᠭᠰᠲ᠋ᠠᠨ -ᠺᠢᠷᠭᠢᠽᠰᠲ᠋ᠠᠨ- ᠲᠠᠵᠢᠺᠰᠲ᠋ᠠᠨ-ᠦᠽᠪᠧᠺᠰᠲ᠋ᠠᠨ-ᠠᠽᠧᠷᠪᠠᠶᠢᠵᠠᠨ- ᠠᠷᠮᠧᠨᠢ – ᠭᠷᠦᠽᠢᠶ᠎ᠡ – ᠲᠦᠷᠺ-ᠮᠣᠰᠺᠸᠠ-ᠠᠯᠲᠠᠨᠪᠤᠯᠠᠭ-ᠤᠯᠠᠭᠠᠨᠪᠠᠭᠠᠲᠤᠷ ᠭᠡᠰᠡᠨ ᠮᠠᠷᠱᠷᠦ᠋ᠲ ᠢᠶᠠᠷ ᠠᠶᠠᠯᠠᠨ᠎ᠠ᠃

ᠮᠣᠲ᠋ᠣᠼᠢᠺᠠᠯᠴᠢᠳ ᠡᠨᠡ ᠰᠠᠷ᠎ᠠ ᠶᠢᠨ ᠠᠷᠪᠠ ᠶᠢᠰᠦᠨ ᠦ ᠪᠠᠰᠠᠩ ᠭᠠᠷᠠᠭ ᠤᠨ 08᠄00 ᠴᠠᠭ ᠲᠤ ᠰᠦᠬᠡᠪᠠᠭᠠᠲᠤᠷ ᠤᠨ ᠲᠠᠯᠠᠪᠠᠢ ᠠᠴᠠ ᠬᠥᠳᠡᠯᠦᠨ᠎ᠡ᠃ ᠲᠡᠳᠡ ᠡᠮᠦᠨ᠎ᠡ ᠨᠢ ᠡᠬᠡ ᠣᠷᠣᠨ ᠤ ᠪᠠᠨ ᠪᠠᠢᠭᠠᠯᠢ ᠶᠢᠨ ᠦᠵᠡᠰᠬᠦᠯᠡᠩᠲᠦ ᠭᠠᠵᠠᠷ ᠢᠶᠠᠷ 18 ᠬᠣᠨᠣᠭ ᠠᠶᠠᠯᠠᠵᠤ᠂ 10 ᠠᠶᠢᠮᠠᠭ ᠤᠨ 5700 ᠺᠢᠯᠣᠮᠧᠲ᠋ᠷ ᠭᠠᠵᠠᠷ ᠢ ᠮᠣᠲ᠋ᠣᠼᠢᠺᠠᠯ ᠢᠶᠠᠷ ᠲᠤᠭᠤᠯᠵᠤ ᠪᠠᠶᠢᠪᠠ᠃

ᠨ ∙ ᠣᠷᠭᠢᠯᠮ᠎ᠠ 17 ᠵᠢᠯ ᠮᠤᠲ᠋ᠤ᠋ ᠰᠫᠣᠷᠲ ᠢᠶᠠᠷ ᠬᠢᠴᠢᠶᠡᠯᠯᠡᠵᠦ ᠪᠠᠶᠢᠭ᠎ᠠ ᠪᠣᠯ ᠡ᠊∙ᠡᠷᠳᠡᠨᠢᠴᠢᠮᠡᠭ ᠤᠰᠤᠨ ᠰᠫᠣᠷᠲ ᠤᠨ ᠲᠠᠮᠢᠷᠴᠢᠨ ᠪᠥᠭᠡᠳ ᠮᠤᠲ᠋ᠤ᠋ ᠰᠫᠣᠷᠲ ᠲᠠᠢ ᠨᠥᠬᠥᠷᠯᠡᠭᠡᠳ ᠳᠥᠷᠪᠡᠨ ᠵᠢᠯ ᠪᠣᠯᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ