ᠺᠢᠷᠭᠢᠽ ᠦᠨ ᠭᠦᠢᠯᠡᠰᠦ᠂ ᠪᠦᠢᠯᠡᠰᠦ ᠶᠢ ᠳᠤᠮᠳᠠᠭᠤᠪᠢ ᠳᠤ ᠤᠷᠭᠤᠭᠤᠯᠤᠨ᠎ᠠ | News.MN

ᠺᠢᠷᠭᠢᠽ ᠦᠨ ᠭᠦᠢᠯᠡᠰᠦ᠂ ᠪᠦᠢᠯᠡᠰᠦ ᠶᠢ ᠳᠤᠮᠳᠠᠭᠤᠪᠢ ᠳᠤ ᠤᠷᠭᠤᠭᠤᠯᠤᠨ᠎ᠠ

ᠺᠢᠷᠭᠢᠽᠲ᠋ᠠᠨ ᠤᠯᠤᠰ ᠲᠤ ᠰᠠᠭᠤᠭ᠎ᠠ ᠮᠣᠩᠭᠣᠯ ᠤᠨ ᠡᠯᠴᠢᠨ ᠰᠠᠶᠢᠳ ᠰ∙ᠭᠠᠩᠬᠤᠶᠠᠭ᠂ ᠳᠤᠮᠳᠠᠭᠤᠪᠢ ᠠᠶᠢᠮᠠᠭ ᠤᠨ ᠢᠷᠭᠡᠨ ᠦ ᠲᠥᠯᠥᠭᠡᠯᠡᠭᠴᠢᠳ ᠦᠨ ᠬᠤᠷᠠᠯ ᠤᠨ ᠳᠠᠷᠤᠭ᠎ᠠ ᠰ∙ᠤᠳᠤᠡᠷᠳᠡᠨᠢ ᠨᠠᠷ ᠺᠢᠷᠭᠢᠽ ᠦᠨ ᠪᠠᠲᠤᠺᠧᠨ ᠮᠤᠵᠢ ᠳᠤ ᠠᠵᠢᠯ ᠤᠨ ᠠᠶᠢᠯᠴᠢᠯᠠᠯ ᠬᠢᠵᠤ᠂  ᠺᠠᠳᠠᠮᠵᠠᠢ ᠬᠣᠲᠠ ᠶᠢᠨ ᠢᠮᠠᠭᠠᠨ ᠤ ᠠᠵᠤ ᠠᠬᠤᠢ ᠶᠢᠨ ᠬᠣᠷᠰᠢᠶ᠎ᠠ᠂ ᠭᠦᠢᠯᠡᠰᠦ ᠵᠢᠮᠢᠰᠦᠨ︵apricot︶ ᠤ ᠲᠠᠷᠢᠶᠠᠯᠠᠯᠲᠠ᠂ ᠦᠷᠡᠰᠯᠡᠭᠡᠨ ᠦ ᠬᠣᠷᠰᠢᠶ᠎ᠠ ᠲᠠᠢ ᠲᠠᠨᠢᠯᠴᠠᠵᠤ᠂ ᠣᠷᠣᠨ ᠨᠤᠲᠤᠭ ᠤᠨ ᠴᠡᠴᠡᠷᠯᠢᠭᠴᠢᠳ ᠲᠡᠢ ᠠᠭᠤᠯᠵᠠᠵᠠᠢ᠃

ᠤᠯᠠᠮ ᠢᠶᠠᠷ ᠲᠤᠰ ᠮᠤᠵᠢ ᠠᠴᠠ ᠭᠦᠢᠯᠡᠰᠦ᠂ ᠪᠦᠢᠯᠡᠰᠦ ᠶᠢᠨ ᠰᠠᠮᠤᠷ︵almond︶ ᠤᠨ ᠦᠷᠡᠰᠯᠡᠭᠡ ᠶᠢ ᠳᠤᠮᠳᠠᠭᠤᠪᠢ ᠳᠤ ᠨᠡᠶᠢᠯᠡᠭᠦᠯᠬᠦ ᠲᠤᠬᠠᠢ ᠬᠡᠯᠡᠯᠴᠡᠨ ᠲᠣᠬᠢᠷᠠᠯᠴᠠᠭᠰᠠᠨ ᠪᠠ ᠮᠥᠨ ᠮᠤᠵᠢ ᠶᠢᠨ ᠵᠠᠬᠢᠷᠤᠭᠴᠢ ᠠᠪᠳᠢᠺᠠᠷᠢᠮ ᠠᠯᠢᠮᠪᠠᠶᠧ ᠲᠡᠢ ᠮᠣᠩᠭᠣᠯ ᠳᠤ ᠮᠠᠯ ᠤᠨ ᠹᠧᠷᠮ ᠬᠥᠭᠵᠢᠭᠦᠯᠬᠦ ᠲᠤᠬᠠᠢ ᠶᠠᠷᠢᠯᠴᠠᠵᠤ᠂ ᠢᠷᠡᠬᠦ ᠨᠠᠮᠤᠷ ᠮᠣᠩᠭᠣᠯ ᠠᠴᠠ ᠺᠢᠷᠭᠢᠽ  ᠲᠤ ᠢᠮᠠᠭ᠎ᠠ ᠨᠡᠶᠢᠯᠡᠭᠦᠯᠬᠦ ᠪᠣᠯᠤᠮᠵᠢ ᠶᠢᠨ ᠲᠠᠯ᠎ᠠ ᠪᠠᠷ ᠶᠠᠷᠢᠯᠴᠠᠵᠠᠢ᠃

ᠰᠡᠳᠬᠢᠭᠳᠡᠯ ᠦᠯᠡᠳᠡᠭᠡᠬᠦ