ᠰ ∙ ᠭᠠᠩᠡᠷᠳᠡᠨᠢ  ᠳᠦ《ᠤᠬᠠᠢᠸᠤ᠋ ᠪᠣᠪᠺᠠᠲ᠋ᠰ》 ᠪᠠᠭ ᠲᠤ ᠲᠤᠭᠯᠠᠬᠤ ᠰᠠᠨᠠᠯ ᠢᠷᠡᠵᠡᠢ    | News.MN

ᠰ ∙ ᠭᠠᠩᠡᠷᠳᠡᠨᠢ  ᠳᠦ《ᠤᠬᠠᠢᠸᠤ᠋ ᠪᠣᠪᠺᠠᠲ᠋ᠰ》 ᠪᠠᠭ ᠲᠤ ᠲᠤᠭᠯᠠᠬᠤ ᠰᠠᠨᠠᠯ ᠢᠷᠡᠵᠡᠢ   

NCAA ᠪᠤᠶᠤ ᠠᠮᠧᠷᠢᠺᠠ ᠶᠢᠨ ᠺᠣᠯᠯᠧᠵᠢ ᠶᠢᠨ ᠰᠠᠭᠰᠤᠨ ᠪᠥᠮᠪᠥᠭᠡ ᠶᠢᠨ D1  ᠶᠢᠨ 《ᠤᠬᠠᠢᠸᠤ᠋ ᠪᠣᠪᠺᠠᠲ᠋ᠰ ᠪᠠᠭ ᠠᠴᠠ ᠰ ∙ ᠭᠠᠩᠡᠷᠳᠡᠨᠢ  ᠳᠦ ᠰᠠᠨᠠᠯ ᠢᠷᠡᠭᠰᠡᠨ ᠪᠠᠢᠨ᠎ᠠ᠃ ᠢᠩᠭᠢᠭᠰᠡᠨ ᠢᠶᠡᠷ ᠺᠣᠯᠯᠧᠵᠢ ᠶᠢᠨ ᠰᠠᠭᠰᠤᠨ ᠪᠥᠮᠪᠥᠭᠡ ᠶᠢᠨ ᠨᠢᠭᠡᠳᠦᠭᠡᠷ ᠳ᠋ᠢᠸᠢᠽᠢᠶᠤᠨ ᠳᠦ ᠮᠥᠷ ᠢᠶᠡᠨ ᠭᠠᠷᠭᠠᠵᠤ ᠪᠤᠢ  ᠬᠤᠶᠠᠳᠠᠬᠢ ᠮᠣᠩᠭᠣᠯ ᠲᠠᠮᠢᠷᠴᠢᠨ ᠲᠡᠷᠡ ᠪᠣᠯᠬᠤ ᠨᠢ᠃ 

ᠠᠮᠧᠷᠢᠺᠠ ᠶᠢᠨ Midwest ᠰᠠᠭᠰᠤᠨ ᠪᠥᠮᠪᠥᠭᠡ ᠶᠢᠨ ᠺᠯᠦ᠋ᠪ ᠲᠤ ᠪᠡᠯᠡᠳᠬᠡᠯ ᠢᠶᠡᠨ ᠪᠠᠵᠠᠭᠠᠳᠠᠭ ᠰ ∙ ᠭᠠᠩᠡᠷᠳᠡᠨᠢ ᠡᠨᠡ ᠵᠢᠯ ᠳᠥᠩᠭᠡᠵᠢ 16 ᠨᠠᠰᠤ ᠲᠠᠢ᠂ ᠠᠬᠠᠯᠠᠬᠤ ᠰᠤᠷᠭᠠᠭᠤᠯᠢ ᠶᠢᠨ 10 ᠳ᠋ᠤᠭᠠᠷ ᠠᠩᠬᠢ ᠶᠢᠨ ᠰᠤᠷᠤᠭᠴᠢ᠃ ᠪᠤᠰᠤᠳ ᠲᠠᠮᠢᠷᠴᠢᠳ ᠲᠡᠭᠦᠰᠬᠦ ᠠᠩᠭᠢ ᠳᠤ ᠪᠠᠨ ᠶᠡᠬᠡ ᠰᠤᠷᠭᠠᠭᠤᠯᠢ ᠶᠢᠨ ᠪᠠᠭ ᠠᠴᠠ ᠰᠠᠨᠠᠯ ᠠᠪᠬᠤ ᠨᠢ ᠲᠦᠭᠡᠮᠡᠯ ᠪᠠᠶᠢᠳᠠᠭ ᠪᠣᠯ ᠰ ∙ ᠭᠠᠩᠡᠷᠳᠡᠨᠢ  ᠳᠦ ᠪᠤᠰᠤᠳ ᠠᠴᠠ ᠬᠠᠷᠢᠴᠠᠩᠭᠤᠢ ᠡᠷᠲᠡ ᠰᠠᠨᠠᠯ ᠢᠷᠡᠭᠰᠡᠨ ᠨᠢ ᠢᠷᠡᠭᠡᠳᠦᠢ ᠲᠡᠢ ᠲᠠᠮᠢᠷᠴᠢᠨ ᠭᠡᠳᠡᠭ ᠢ ᠬᠠᠷᠠᠭᠤᠯᠵᠤ ᠪᠠᠶᠢᠨ᠎ᠠ᠃  ᠲᠡᠷᠡ ᠶᠡᠬᠡ ᠰᠤᠷᠭᠠᠭᠤᠯᠢ ᠶᠢᠨ ᠪᠠᠭ ᠲᠤ ᠲᠣᠭᠯᠠᠬᠤ ᠶᠢᠨ ᠲᠤᠯᠠᠳᠠ ᠡᠬᠢᠯᠡᠭᠡᠳ ᠠᠬᠠᠯᠠᠬᠤ ᠰᠤᠷᠭᠠᠭᠤᠯᠢ ᠪᠠᠨ ᠲᠡᠭᠦᠰᠬᠦ ᠱᠠᠭᠠᠷᠳᠠᠯᠭ᠎ᠠ ᠲᠠᠢ  ᠠᠵᠠᠢ 

ᠰᠡᠳᠬᠢᠭᠳᠡᠯ ᠦᠯᠡᠳᠡᠭᠡᠬᠦ