ᠠᠮᠧᠷᠢᠺᠠ  ᠵᠢᠳᠬᠦᠭᠦᠷ ᠦᠳ ᠢ ᠵᠠᠮ ᠤᠨ ᠡᠭᠦᠳᠡ  ᠪᠠᠷ ᠣᠷᠣᠭᠤᠯᠵᠤ ᠢᠷᠡᠪᠡ  | News.MN

ᠠᠮᠧᠷᠢᠺᠠ  ᠵᠢᠳᠬᠦᠭᠦᠷ ᠦᠳ ᠢ ᠵᠠᠮ ᠤᠨ ᠡᠭᠦᠳᠡ  ᠪᠠᠷ ᠣᠷᠣᠭᠤᠯᠵᠤ ᠢᠷᠡᠪᠡ 

ᠲᠠᠪᠤᠨᠲᠣᠯᠣᠭᠠᠢ – ᠭᠠᠰᠢᠭᠤᠨᠰᠤᠬᠠᠢᠳᠤ ᠴᠢᠭᠯᠡᠯ ᠦᠨ ᠲᠡᠮᠦᠷ ᠵᠠᠮ  ᠳᠡᠭᠡᠷ᠎ᠡ ᠠᠰᠢᠭᠯᠠᠬᠤ 16 ᠵᠢᠳᠬᠦᠭᠦᠷ ᠦᠨ ᠡᠬᠢᠨ ᠦ  ᠬᠤᠶᠠᠷ ᠵᠢᠳᠬᠦᠭᠦᠷ ᠢ ᠵᠠᠮ ᠤᠨ ᠡᠭᠦᠳᠡ ᠪᠣᠭᠣᠮᠲᠠ ᠪᠠᠷ ᠣᠷᠣᠭᠤᠯᠵᠤ ᠢᠷᠡᠯ᠎ᠡ᠃ ᠵᠢᠳᠬᠦᠭᠦᠷ ᠨᠢ ᠮᠣᠩᠭᠣᠯ ᠤᠯᠤᠰ ᠤᠨ MNS 6039 – 2020 ᠰᠲ᠋ᠠᠨᠳᠠᠷᠲ ᠤᠨ ᠱᠠᠭᠠᠷᠳᠠᠯᠭ᠎ᠠ ᠬᠠᠩᠭᠠᠭᠰᠠᠨ᠂ ᠬᠦᠨᠳᠦ ᠳᠠᠭᠠᠭᠠᠴᠠ ᠶᠢᠨ ᠲᠡᠮᠦᠷ ᠵᠠᠮ ᠳᠡᠭᠡᠷ᠎ᠡ ᠲᠤᠷᠰᠢᠭᠠᠳ ᠳᠡᠯᠡᠬᠡᠢ ᠳᠦ ᠨᠢᠭᠡᠳᠦᠭᠡᠷ ᠲᠦ ᠡᠷᠡᠮᠪᠡᠯᠡᠭᠳᠡᠭᠰᠡᠨ᠂ 4500 ᠮᠣᠷᠢᠨ ᠤ ᠬᠦᠴᠦ ᠲᠡᠢ ᠣᠯᠠᠨ ᠤᠯᠤᠰ ᠤᠨ ᠬᠦᠷᠢᠶᠡᠯᠡᠨ ᠪᠤᠢ ᠣᠷᠴᠢᠨ ᠤ TIER2 ᠰᠲ᠋ᠠᠨᠳᠠᠷᠲ ᠤᠨ ᠱᠠᠭᠠᠷᠳᠠᠯᠭ᠎ᠠ ᠬᠠᠩᠭᠠᠭᠰᠠᠨ ᠢᠯᠴᠢᠲᠦ ᠲᠡᠷᠭᠡᠨ ᠦ ᠬᠥᠭᠵᠢᠯ ᠦᠨ  ᠭᠤᠷᠪᠠᠳᠤᠭᠠᠷ ᠦᠶ᠎ᠡ ᠶᠢᠨ ᠵᠢᠳᠬᠦᠭᠦᠷ ᠶᠤᠮ᠃  

ᠮᠥᠨ ᠮᠣᠩᠭᠣᠯ ᠣᠷᠣᠨ ᠤ ᠭᠣᠪᠢ ᠶᠢᠨ ᠪᠠᠶᠢᠭᠠᠯᠢ ᠴᠠᠭ ᠠᠭᠠᠷ ᠤᠨ ᠠᠰᠢᠭᠯᠠᠯᠲᠠ ᠶᠢᠨ ᠨᠥᠬᠥᠴᠡᠯ ᠳᠦ ᠨᠠᠶᠢᠳᠠᠪᠤᠷᠢᠲᠠᠢ ᠠᠵᠢᠯᠯᠠᠬᠤ ᠴᠢᠳᠠᠪᠤᠷᠢ ᠲᠠᠢ᠂ ᠳᠡᠯᠡᠬᠡᠢ ᠶᠢᠨ 70 ᠭᠠᠷᠤᠢ ᠤᠯᠤᠰ ᠲᠤ 90 ᠵᠢᠯ ᠦᠨ ᠲᠤᠷᠰᠢ ᠠᠰᠢᠭᠯᠠᠭᠳᠠᠭᠰᠠᠨ᠂ ᠬᠠᠮᠤᠭ ᠤᠨ ᠣᠷᠴᠢᠨ ᠦᠶ᠎ᠡ ᠶᠢᠨ  ᠲᠧᠭᠨᠣᠯᠣᠭᠢ ᠶᠢᠨ ᠰᠢᠢᠳᠦᠯ ᠢ ᠰᠢᠩᠭᠡᠭᠡᠵᠡᠢ᠃  

 

ᠰᠡᠳᠬᠢᠭᠳᠡᠯ ᠦᠯᠡᠳᠡᠭᠡᠬᠦ