ᠲᠠᠪᠤᠨᠲᠣᠯᠣᠭᠠᠢ – ᠭᠠᠰᠢᠭᠤᠨᠰᠤᠬᠠᠢᠳᠤ ᠴᠢᠭᠯᠡᠯ ᠦᠨ ᠲᠡᠮᠦᠷ ᠵᠠᠮ ᠳᠡᠭᠡᠷ᠎ᠡ ᠠᠰᠢᠭᠯᠠᠬᠤ 16 ᠵᠢᠳᠬᠦᠭᠦᠷ ᠦᠨ ᠡᠬᠢᠨ ᠦ ᠬᠤᠶᠠᠷ ᠵᠢᠳᠬᠦᠭᠦᠷ ᠢ ᠵᠠᠮ ᠤᠨ ᠡᠭᠦᠳᠡ ᠪᠣᠭᠣᠮᠲᠠ ᠪᠠᠷ ᠣᠷᠣᠭᠤᠯᠵᠤ ᠢᠷᠡᠯ᠎ᠡ᠃ ᠵᠢᠳᠬᠦᠭᠦᠷ ᠨᠢ ᠮᠣᠩᠭᠣᠯ ᠤᠯᠤᠰ ᠤᠨ MNS 6039 – 2020 ᠰᠲ᠋ᠠᠨᠳᠠᠷᠲ ᠤᠨ ᠱᠠᠭᠠᠷᠳᠠᠯᠭ᠎ᠠ ᠬᠠᠩᠭᠠᠭᠰᠠᠨ᠂ ᠬᠦᠨᠳᠦ ᠳᠠᠭᠠᠭᠠᠴᠠ ᠶᠢᠨ ᠲᠡᠮᠦᠷ ᠵᠠᠮ ᠳᠡᠭᠡᠷ᠎ᠡ ᠲᠤᠷᠰᠢᠭᠠᠳ ᠳᠡᠯᠡᠬᠡᠢ ᠳᠦ ᠨᠢᠭᠡᠳᠦᠭᠡᠷ ᠲᠦ ᠡᠷᠡᠮᠪᠡᠯᠡᠭᠳᠡᠭᠰᠡᠨ᠂ 4500 ᠮᠣᠷᠢᠨ ᠤ ᠬᠦᠴᠦ ᠲᠡᠢ ᠣᠯᠠᠨ ᠤᠯᠤᠰ ᠤᠨ ᠬᠦᠷᠢᠶᠡᠯᠡᠨ ᠪᠤᠢ ᠣᠷᠴᠢᠨ ᠤ TIER2 ᠰᠲ᠋ᠠᠨᠳᠠᠷᠲ ᠤᠨ ᠱᠠᠭᠠᠷᠳᠠᠯᠭ᠎ᠠ ᠬᠠᠩᠭᠠᠭᠰᠠᠨ ᠢᠯᠴᠢᠲᠦ ᠲᠡᠷᠭᠡᠨ ᠦ ᠬᠥᠭᠵᠢᠯ ᠦᠨ ᠭᠤᠷᠪᠠᠳᠤᠭᠠᠷ ᠦᠶ᠎ᠡ ᠶᠢᠨ ᠵᠢᠳᠬᠦᠭᠦᠷ ᠶᠤᠮ᠃
ᠮᠥᠨ ᠮᠣᠩᠭᠣᠯ ᠣᠷᠣᠨ ᠤ ᠭᠣᠪᠢ ᠶᠢᠨ ᠪᠠᠶᠢᠭᠠᠯᠢ ᠴᠠᠭ ᠠᠭᠠᠷ ᠤᠨ ᠠᠰᠢᠭᠯᠠᠯᠲᠠ ᠶᠢᠨ ᠨᠥᠬᠥᠴᠡᠯ ᠳᠦ ᠨᠠᠶᠢᠳᠠᠪᠤᠷᠢᠲᠠᠢ ᠠᠵᠢᠯᠯᠠᠬᠤ ᠴᠢᠳᠠᠪᠤᠷᠢ ᠲᠠᠢ᠂ ᠳᠡᠯᠡᠬᠡᠢ ᠶᠢᠨ 70 ᠭᠠᠷᠤᠢ ᠤᠯᠤᠰ ᠲᠤ 90 ᠵᠢᠯ ᠦᠨ ᠲᠤᠷᠰᠢ ᠠᠰᠢᠭᠯᠠᠭᠳᠠᠭᠰᠠᠨ᠂ ᠬᠠᠮᠤᠭ ᠤᠨ ᠣᠷᠴᠢᠨ ᠦᠶ᠎ᠡ ᠶᠢᠨ ᠲᠧᠭᠨᠣᠯᠣᠭᠢ ᠶᠢᠨ ᠰᠢᠢᠳᠦᠯ ᠢ ᠰᠢᠩᠭᠡᠭᠡᠵᠡᠢ᠃