ᠵ᠊ ᠊ ᠬᠠᠳᠠ ᠄ ᠮᠤᠩᠭᠤᠯ ᠤᠨ ᠭᠤᠷᠪᠠ  | News.MN

 ᠵ᠊ ᠊ ᠬᠠᠳᠠ ᠄ ᠮᠤᠩᠭᠤᠯ ᠤᠨ ᠭᠤᠷᠪᠠ 

ᠮᠤᠩᠭᠤᠯᠴᠤᠳ ᠨᠠᠷᠠ᠂ ᠨᠤᠳᠤᠭ᠂ ᠮᠠᠯ ᠭᠤᠷᠪᠠ ᠪᠠᠨ ᠲᠠᠭᠠᠵᠤ᠂ ᠲᠤᠯᠭ᠎ᠠ ᠶᠢᠨ ᠭᠤᠷᠪᠠᠨ ᠴᠢᠯᠠᠭᠤ ᠪᠠᠨ ᠲᠦᠰᠢᠨ ᠠᠮᠢ ᠠᠮᠢᠵᠢᠷᠠᠯ ᠤᠨ ᠭᠠᠯ ᠢᠶᠠᠨ ᠭᠦᠭᠵᠢᠭᠡᠵᠤ ᠢᠷᠡᠭᠰᠡᠨ ᠨᠢ ᠪᠦᠷ ᠴᠦ ᠡᠴᠢᠨ᠎ᠠ ᠲᠠᠯᠳᠠ ᠶᠢᠨ ᠤᠴᠢᠷ ᠲᠠᠢ ᠪᠠᠶᠢᠭᠰᠠᠨ ᠠᠵᠤᠭᠤ᠃ ᠡᠷ᠎ᠡ᠂ ᠡᠮ᠎ᠡ᠂ ᠭᠡᠦᠭᠡᠳ ᠭᠤᠷᠪᠠ ᠪᠠᠷ ᠠᠮᠢᠳᠤᠷᠠᠬᠤᠢ ᠨᠢ ᠦᠷᠭᠦᠯᠵᠢᠯᠡᠳᠡᠭ ᠮᠤᠩᠭᠤᠯᠴᠤᠳ ᠮᠢᠨᠢ ᠶᠡᠭᠡ ᠡᠷᠳᠡᠨ ᠠᠴᠠ ᠪᠦᠭᠦᠶᠢᠯᠠ ᠨᠡᠶᠢᠭᠡᠮ ᠠᠮᠢᠳᠤᠷᠠᠯ ᠢᠶᠠᠨᠶᠢᠷᠳᠢᠨᠴᠤ ᠶᠢᠨ ᠭᠤᠷᠪᠠ ᠪᠠᠷ ᠳ᠋ᠦᠩᠨᠠᠨ ᠬᠤᠷᠢᠶᠠᠩᠭᠤᠶᠢᠯᠠᠳᠠᠭ ᠪᠦᠭᠡᠳ ᠦᠷ᠎ᠡ ᠭᠡᠦᠭᠡᠳ ᠲᠤ ᠪᠠᠨ ᠭᠤᠷᠪᠠᠨ ᠡᠳᠦᠷ ᠭᠤᠷᠪᠠᠨ ᠰᠦᠨᠢ ᠪᠠᠶᠢᠯᠳᠤᠳᠠᠭ᠂ ᠭᠤᠷᠪᠠᠨᠳᠠ ᠦᠭᠦᠵᠤ ᠭᠤᠷᠪᠠᠨᠳᠠ ᠰᠡᠭᠡᠳᠡᠭ᠂ᠭᠤᠷᠪᠠᠨᠳᠠ ᠰᠢᠷᠬᠠᠲᠤᠬᠤ ᠪᠠᠷ ᠭᠤᠷᠪᠠᠨ ᠵᠢᠯ ᠤᠨᠳᠠᠳᠠᠭ᠂ ᠭᠤᠷᠪᠠᠨ ᠰᠦᠨᠡᠰᠤ ᠲᠠᠢᠭᠤᠷᠪᠠᠨ ᠨᠠᠰᠤᠳᠠᠢ ᠭᠤᠨᠠᠭᠠᠨ ᠤᠯᠠᠭᠠᠨ ᠪᠠᠭᠠᠳᠤᠷᠮᠡᠳᠤ ᠶᠢᠨ ᠦᠯᠢᠭᠡᠷ ᠲᠤᠤᠯᠢᠰ ᠪᠠᠷ ᠠᠮᠤᠷ ᠰᠠᠶᠢᠨ ᠳᠤ ᠪᠠᠨ ᠵᠢᠷᠭᠠᠬᠤ ᠶᠢᠨ ᠤᠬᠠᠭᠠᠨ ᠢ ᠡᠭᠢᠯᠠᠨ ᠲᠠᠨᠢᠭᠤᠯᠳᠠᠭ ᠪᠠᠢᠭᠰᠠᠨ ᠶᠤᠮ ᠪᠠᠢᠨ᠎ᠠ᠃    

ᠨᠠᠶᠢᠷ ᠤᠨ ᠭᠤᠷᠪᠠᠨ ᠲᠠᠭᠤᠤ ᠪᠠᠨ ᠲᠠᠭᠤᠯᠠᠨ᠂ ᠨᠠᠭᠠᠳᠤᠮ ᠤᠨ ᠭᠤᠷᠪᠠᠨ ᠲᠠᠪᠠᠭ᠎ᠠ ᠲᠠᠪᠠᠭᠤᠯᠤᠨ ᠡᠷᠳᠡᠮ ᠴᠢᠳᠠᠯ ᠪᠦᠷᠢᠯᠳᠦᠭᠰᠡᠨ ᠰᠠᠶᠢᠨ ᠡᠷ᠎ᠡ ᠪᠤᠯᠵᠤ ᠭᠤᠷᠪᠠ ᠤᠳᠠᠭ᠎ᠠ ᠭᠡᠮᠨᠡᠨ ᠵᠠᠰᠠᠭᠰᠠᠨ ᠭᠤᠷᠪᠠᠨ ᠬᠤᠨᠳᠠᠭ᠎ᠠ ᠠᠷᠢᠭᠢ ᠶᠢ ᠨᠢ ᠲᠡᠭᠷᠢ᠂ ᠭᠠᠵᠠᠷ᠂ ᠲᠡᠭᠡᠳᠤᠰ ᠲᠤ ᠪᠠᠨ ᠭᠡᠵᠤ ᠭᠤᠷᠪᠠᠨᠳᠠ ᠢᠳᠡᠮᠯᠠᠨ ᠤᠤᠭᠤᠳᠠᠭ ᠨᠢ ᠪᠦᠷ ᠴᠦ ᠤᠳᠬ᠎ᠠ ᠠᠭᠤᠯᠭ᠎ᠠ ᠲᠠᠢ᠃ ᠨᠠᠭᠠᠳᠤ ᠵᠠᠬ᠎ᠠ ᠳᠤ ᠪᠠᠨ ᠤᠷᠤᠯᠳᠤᠵᠤ ᠢᠷᠡᠭᠰᠡᠨ ᠮᠤᠷᠢ ᠪᠠᠨ ᠭᠦᠷᠳᠡᠯ᠎ᠡ ᠪᠠᠶ᠎ᠠ ᠪᠠᠨ ᠲᠤᠭᠤᠷᠢᠭᠤᠯᠤᠨ ᠭᠤᠷᠪᠠ ᠡᠷᠭᠢᠭᠦᠯᠦᠭᠡᠳ ᠤᠶᠠᠭᠠᠨ ᠲᠡᠭᠡᠷ᠎ᠡ ᠤᠶᠠᠬᠤ ᠪᠤᠶᠤ ᠭᠤᠷᠪᠠᠨ ᠠᠯᠠᠭ᠎ᠠ ᠲᠠᠢ ᠴᠢᠳᠦᠷ ᠢᠶᠠᠷ ᠴᠢᠳᠤᠷᠯᠠᠨ ᠪᠡᠯᠴᠢᠭᠡᠷᠯᠡᠭᠦᠯᠳᠡᠭ ᠨᠢ ᠭᠤᠷᠪᠠ ᠭᠡᠭᠦ ᠲᠤᠭᠠᠨ ᠠᠴᠠ ᠰᠠᠯᠤᠰᠢ ᠦᠭᠡᠢ ᠬᠤᠯᠪᠤᠭ᠎ᠠ ᠲᠠᠢ᠃ 

ᠬᠠᠭᠤᠴᠢᠨ ᠤ ᠦᠭᠡᠨ ᠳᠤᠡᠷ᠎ᠡ ᠭᠦᠮᠦᠨ ᠭᠤᠷᠪᠠᠨ ᠭᠤᠮᠤᠳᠠᠯ ᠲᠠᠢ᠂ ᠡᠷ᠎ᠡ ᠮᠤᠷᠢ ᠭᠤᠷᠪᠠᠨ  ᠭᠦᠶᠦᠳᠡᠯ ᠲᠠᠢᠭᠡᠳᠡᠭ᠃ ᠶᠢᠰᠦ ᠶᠢᠰᠤ ᠨᠠᠶᠠᠨ ᠨᠢᠭᠡ ᠱᠠᠳᠤ ᠶᠢ ᠲᠠᠪᠠᠮᠠᠨᠵᠢᠨ ᠮᠦᠷᠭᠦᠵᠤ ᠲᠠᠶᠢᠯᠳᠡᠭ ᠴᠢᠩᠭᠢᠰ ᠤᠨ ᠤᠩᠭᠤᠨ ᠲᠠᠢ ᠮᠤᠩᠭᠤᠯᠴᠤᠳ ᠪᠦᠭᠡᠯᠡᠭᠦ ᠶᠢᠨ ᠡᠮᠦᠨ᠎ᠠ ᠬᠤᠶᠠᠭ ᠲᠠᠪᠠᠯ᠂ ᠤᠷᠭᠤᠢ ᠲᠠᠷᠤᠭᠤᠯᠭ᠎ᠠ ᠪᠠᠨ ᠭᠠᠯ ᠤᠨ ᠲᠡᠭᠡᠭᠦᠷ ᠭᠤᠷᠪᠠᠨ ᠤᠳᠠᠭ᠎ᠠ ᠡᠷᠭᠢᠭᠦᠯᠵᠤ ᠰᠡᠭᠰᠦᠷᠦᠭᠡᠳ ᠭᠡᠩᠭᠡᠷᠭᠡ ᠪᠠᠨ ᠭᠤᠷᠪᠠᠨᠳᠠ ᠲᠠᠯᠡᠳᠴᠤ ᠠᠪᠤᠭᠠᠳ ᠪᠦᠭᠡᠯᠡᠵᠤ ᠡᠭᠢᠯᠡᠳᠡᠭ ᠪᠦᠭᠡᠳ ᠰᠢᠨ᠎ᠠ ᠶᠢᠨ ᠭᠤᠷᠪᠠᠨ᠂ ᠠᠷᠪᠠᠨ ᠭᠤᠷᠪᠠᠨ᠂ ᠬᠤᠷᠢᠨ ᠭᠤᠷᠪᠠᠨ ᠳᠤ ᠤᠪᠤᠭ᠎ᠠ ᠤᠷᠤᠳ ᠢᠶᠠᠨ ᠲᠤᠭᠰᠢᠷᠠᠭᠤᠯᠤᠨ ᠲᠠᠭᠢᠵᠤ᠂ ᠠᠳᠠᠭᠠᠳᠤ ᠭᠤᠴᠢᠨ ᠭᠤᠷᠪᠠᠨ ᠲᠡᠭᠷᠢ ᠪᠠᠨ ᠪᠠᠶᠠᠰᠬᠠᠨ ᠪᠤᠷᠤᠭᠠᠨ ᠬᠤᠷ᠎ᠠ ᠭᠤᠶᠤᠳᠠᠭ ᠲᠡᠯᠡᠭᠡᠢ ᠳᠤ ᠭᠠᠭᠴᠠ ᠦᠨᠳᠦᠰᠦᠳᠠᠨ ᠃   

ᠭᠤᠷᠪᠠᠨ ᠴᠡᠭ ᠨᠢᠭᠡ ᠬᠠᠪᠳᠠᠭᠠᠢ ᠶᠢ ᠲᠤᠭᠳᠠᠭᠠᠳᠠᠭ᠂ ᠭᠤᠷᠪᠠᠯᠵᠢᠨ ᠢᠶᠠᠷ ᠶᠠᠮᠠᠷᠪᠠ ᠲᠦᠷᠰᠦ ᠶᠢ ᠪᠦᠳᠦᠭᠡᠵᠤ ᠪᠤᠯᠳᠠᠭ᠃ ᠬᠠᠷᠠᠪᠳᠤᠷ ᠰᠢᠪᠠᠭᠤ ᠨᠠᠷᠨᠨ ᠵᠦᠪ ᠡᠷᠭᠢᠵᠤ ᠭᠤᠷᠪᠠᠨ ᠡᠳᠦᠷ ᠲᠤᠩᠭᠤᠳᠤᠭᠠᠳ ᠮᠡᠨᠳᠤᠯᠡᠭᠰᠡᠨ ᠴᠢᠩᠭᠢᠰ ᠤᠨ ᠤᠳᠤᠮ ᠤᠭᠰᠠᠭ᠎ᠠ᠂ ᠨᠤᠳᠤᠭ ᠤᠨ ᠨᠠᠪᠳᠠᠭ ᠰᠠᠪᠳᠠᠭ᠂ ᠤᠪᠤᠭ᠎ᠠ ᠤᠷᠤᠳ᠂ ᠰᠠᠩ ᠤᠨ ᠰᠦᠷᠦ᠂ ᠡᠪᠦᠭᠡ ᠲᠡᠭᠡᠳᠤᠰ ᠤᠨ ᠭᠡᠭᠦᠷ ᠤᠩᠭᠤᠨ ᠢᠶᠠᠨ ᠨᠠᠷᠠᠨ ᠵᠦᠪ ᠭᠤᠷᠪᠠ ᠡᠷᠭᠢᠭᠡᠳ ᠠᠷᠢᠭᠢ ᠰᠦ ᠪᠠᠨ ᠭᠤᠷᠪᠠᠨᠳᠠ ᠡᠷᠭᠦᠵᠦ᠂ ᠭᠤᠷᠪᠠᠨ ᠲᠤᠯᠤᠭᠠᠢ ᠮᠦᠷᠭᠦᠳᠡᠭ ᠨᠢ ᠵᠦᠭᠡᠷᠭᠤᠷᠪᠠ ᠶᠢᠨ ᠲᠤᠭ᠎ᠠ ᠶᠢ ᠭᠦᠢᠴᠡᠭᠡᠵᠤ ᠪᠠᠶᠢᠭ᠎ᠠ ᠭᠡᠷᠡᠭ ᠪᠢᠰᠢ᠃ ᠡᠨᠡ ᠭᠦ ᠭᠤᠷᠪᠠ ᠪᠤᠯ ᠪᠦᠭᠦᠶᠢᠯᠠ ᠪᠦᠷᠢᠨ ᠶᠢᠷᠳᠢᠨᠴᠤ᠂ ᠲᠡᠭᠦᠰ ᠲᠡᠭᠦᠯᠳᠡᠷ ᠤᠨ ᠨᠤᠳᠠᠯᠠᠭ᠎ᠠ ᠪᠤᠶᠤ ᠬᠠᠮᠤᠭ ᠠᠩᠬᠠᠨ ᠤ ᠤᠯᠠᠨ ᠢ ᠲᠦᠯᠦᠭᠡᠯᠡᠭᠰᠡᠨ ᠰᠤᠨᠳᠤᠭᠤᠢ ᠲᠤᠭ᠎ᠠ᠂ ᠢᠮᠠᠭᠳᠠ ᠦᠯᠦ ᠲᠡᠭᠰᠢᠷᠡᠵᠤ ᠤᠯᠠᠮ ᠤᠯᠠᠰᠢᠷᠠᠵᠤ ᠪᠠᠶᠢᠬᠤ ᠶᠢᠨ ᠴᠢᠨᠠᠳᠤ ᠤᠴᠢᠷ ᠤᠳᠬ᠎ᠠ ᠶᠢ ᠠᠭᠤᠯᠤᠭᠰᠠᠨ ᠤᠨᠴᠠᠭᠠᠢ ᠲᠤᠭ᠎ᠠ ᠶᠤᠮ᠃ ᠡᠪᠦᠭᠡ ᠲᠡᠭᠡᠳᠤᠰ ᠮᠢᠨᠢ ᠡᠶᠢᠮᠤ ᠯᠠ ᠠᠭᠤᠤ ᠤᠬᠠᠭᠠᠨ ᠲᠠᠢ ᠪᠠᠶᠢᠵᠤ ᠳ᠋ᠠ ᠁  

ᠰᠡᠳᠬᠢᠭᠳᠡᠯ ᠦᠯᠡᠳᠡᠭᠡᠬᠦ