ᠯ ᠂ ᠪᠠᠲᠤᠲᠦ᠋ᠪᠰᠢᠨ ᠄ ᠰᠡᠳᠭᠢᠯ ᠪᠤᠶᠤ ᠳᠠᠷᠢᠬᠢ ᠲᠤᠶᠢᠯᠳᠠᠭᠰᠠᠨ ᠡᠴᠡ ᠮᠡᠳᠡᠷᠡᠯ ‍ᠤᠨ ᠶᠠᠳᠠᠷᠠᠭ᠎ᠠ ᠡᠭᠦᠰᠳᠡᠭ | News.MN

ᠯ ᠂ ᠪᠠᠲᠤᠲᠦ᠋ᠪᠰᠢᠨ ᠄ ᠰᠡᠳᠭᠢᠯ ᠪᠤᠶᠤ ᠳᠠᠷᠢᠬᠢ ᠲᠤᠶᠢᠯᠳᠠᠭᠰᠠᠨ ᠡᠴᠡ ᠮᠡᠳᠡᠷᠡᠯ ‍ᠤᠨ ᠶᠠᠳᠠᠷᠠᠭ᠎ᠠ ᠡᠭᠦᠰᠳᠡᠭ

    ᠳᠠᠷᠢᠬᠢ ᠰᠤᠳᠤᠯᠤᠭᠠᠴᠢ ᠂ ᠳ᠋ᠣᠺᠲ᠋ᠣᠷ ᠯ ᠂ ᠪᠠᠲᠤᠲᠦ᠋ᠪᠰᠢᠨ ᠲᠠᠢ ᠶᠠᠷᠢᠯᠴᠠᠯ᠎ᠠ ᠃ ᠲᠡᠷᠡ ᠪᠡᠷ ᠳᠠᠷᠢᠬᠢ ᠰᠤᠳᠤᠯᠤᠯ ‍ᠤᠨ ᠴᠢᠭᠯᠡᠯ ‍ᠶᠢᠡᠷ ᠶᠠᠫᠣᠨ ‍ᠥ ᠺᠢᠤᠰᠢᠦ᠋ ᠶᠡᠬᠡ ᠰᠣᠷᠭᠠᠭᠣᠯᠢ  ᠳᠦ ᠳ᠋ᠣᠺᠲ᠋ᠣᠷ ᠬᠠᠮᠠᠭᠠᠯᠠᠵᠣ ᠂ ᠡᠳᠦᠭᠡ ᠠᠮᠸᠷᠢᠺᠠ ‍ᠶᠢᠨ ᠨᠢᠦ᠋ ᠵᠸᠷᠰᠸᠢ ᠮᠣᠵᠢ ‍ᠶᠢᠨ ᠷᠠᠲ᠋ᠭᠸᠷᠰ ᠤᠨ ᠶᠡᠬᠡ ᠰᠣᠷᠭᠠᠭᠣᠯᠢ  ᠳᠦ ᠰᠤᠳᠤᠯᠤᠭᠠᠴᠢ ᠂ ᠪᠠᠭᠰᠢ ᠪᠠᠷ ᠠᠵᠢᠯᠯᠠᠵᠤ ᠪᠤᠢ ᠶᠤᠮ  ᠃   

  – ᠰᠠᠶᠢᠨ ᠪᠠᠶᠢᠨ᠎ᠠ ᠤᠣ ᠂ ᠣᠷᠢᠯᠭ᠎ᠠ ᠵᠢ ᠬᠦᠯᠢᠶᠡᠵᠦ ᠠᠪᠤᠭᠰᠠᠨ ᠲᠠᠨ ᠳ᠋ᠦ ᠪᠠᠶᠠᠷᠯᠠᠯ᠎ᠠ ᠃ ᠶᠠᠷᠢᠯᠴᠠᠯᠭ᠎ᠠ ‍ᠶᠢᠨ ᠡᠬᠢᠨ ‍ᠥ ᠠᠰᠠᠭᠤᠯᠲᠠ ᠪᠡᠨ ᠲᠠᠨ ‍ᠥ ᠰᠣᠳᠣᠯᠭᠠᠨ ‍ᠥ ᠠᠵᠢᠯ ᠂ ᠲᠡᠭᠦᠨ ‍ᠥ ᠦᠷ᠎ᠠ ᠳ᠋ᠦᠩ ‍ᠤᠨ ᠲᠠᠯ᠎ᠠ ᠪᠡᠷ ᠡᠬᠢᠯᠡᠭᠦᠯᠦᠶ᠎ᠡ ︖  

  – ᠰᠠᠶᠢᠨ ᠪᠠᠶᠢᠨ᠎ᠠ ᠤᠣ ᠂ ᠪᠢ ᠠᠮᠸᠷᠢᠺᠠ ‍ᠶᠢᠨ ᠨᠢᠦ᠋ ᠵᠸᠷᠰᠢ ᠮᠣᠵᠢ ‍ᠶᠢᠨ ᠷᠠᠲ᠋ᠭᠸᠷᠰ ᠤᠨ ᠶᠡᠬᠡ ᠰᠣᠷᠭᠠᠭᠣᠯᠢ ᠳᠦ ᠰᠤᠳᠤᠯᠤᠭᠠᠴᠢ ᠪᠠᠭᠰᠢ ᠪᠠᠷ ᠠᠵᠢᠯᠯᠠᠵᠤ ᠪᠠᠶᠢᠨ᠎ᠠ ᠃ ᠳᠠᠷᠢᠬᠢ ᠰᠤᠳᠤᠯᠤᠯ ‍ᠤᠨ ᠴᠢᠭᠯᠡᠯ ‍ᠶᠢᠡᠷ  ᠪᠠᠷᠷᠤᠤ ᠮᠡᠳᠡᠷᠡᠯ ᠰᠤᠳᠤᠯᠤᠯ ‍ᠤᠨ ᠬᠦᠷᠢᠶᠡᠯᠡᠩ ᠳ᠋ᠦ ᠰᠣᠳᠣᠯᠭ᠎ᠠ ᠪᠠᠨ ᠬᠢᠳᠡᠭ ᠃ ᠲᠡᠷᠡ ᠰᠤᠳᠤᠯᠭ᠎ᠠ ᠨᠢ ᠲᠣᠯᠠᠭᠠᠨ ‍ᠥ ᠮᠡᠳᠡᠷᠡᠬᠦᠢ ᠲᠠᠷᠢᠬᠢᠨ ᠳ᠋ᠦ ᠬᠡᠷᠬᠢᠨ ᠪᠤᠯᠪᠠᠰᠤᠷᠠᠭᠤᠯᠤᠭᠳᠠᠳᠠᠭ ᠂ ᠶᠠᠮᠠᠷ ᠹᠢᠽᠢᠤᠯᠤᠭᠢ ᠶ᠋ᠢᠨ ᠮᠸᠬᠠᠨᠢᠰᠮ ‍ᠶᠢᠡᠷ ᠵᠤᠬᠢᠴᠠᠭᠤᠯᠤᠭᠳᠠᠳᠠᠭ ᠲᠤᠬᠠᠢ ᠶᠤᠮ ᠃ ᠰᠤᠷᠬᠤ ᠪᠢᠴᠢᠭ ‍ᠤᠤᠨ ᠲᠡᠭᠡᠷ᠎ᠡ ᠬᠦᠮᠦᠨ ᠣᠷᠴᠢᠨ ‍ᠥ ᠳᠤᠯᠠᠭᠠᠨ ‍ᠢ ᠠᠷᠠᠰᠤ ᠪᠡᠷ ‍ᠶᠢᠡᠨ ᠳᠠᠮᠵᠢᠭᠤᠯᠵᠤ ᠮᠡᠳᠡᠷᠡᠳᠡᠭ ᠂ ᠪᠠᠶ᠎ᠠ ‍ᠶᠢᠨ ᠳᠤᠯᠠᠭᠠᠨ ‍ᠢ ᠪᠦᠬᠦ ᠡᠰ ‍ᠤᠤᠨ ᠮᠡᠳᠡᠷᠡᠳᠡᠭ ᠭᠡᠵᠦ ᠦᠵᠡᠳᠡᠭ ᠣᠨᠣᠯ ᠪᠤᠢ ᠃ ᠬᠠᠷᠢᠨ ᠳᠤᠯᠠᠭᠠᠨ ‍ᠢ ᠮᠡᠳᠡᠷᠡᠭᠰᠡᠨ ᠲᠡᠷᠡ ᠮᠡᠳᠡᠭᠡᠯᠡᠯ ᠲᠠᠷᠢᠬᠢᠨ ᠳ᠋ᠦ ᠬᠡᠷᠬᠢᠨ ᠣᠴᠢᠳᠠᠭ ᠵᠠᠮ ‍ᠢ ᠰᠤᠳᠤᠯᠬᠤ ᠳ᠋ᠦ ᠮᠠᠰᠢ ᠬᠡᠴᠡᠭᠦᠦ ᠃  

   ᠳᠦᠷᠰᠣ ᠂ ᠭᠡᠷᠡᠯ ‍ᠢ ᠬᠠᠷᠠᠭᠠᠳ ᠮᠡᠳᠡᠷᠡᠳᠡᠭ ᠬᠠᠷᠠᠭᠠᠨ ‍ᠥ ᠴᠠᠭᠠᠲᠣ ᠮᠧᠬᠠᠨᠢᠰᠮ ‍ᠢ 1960 ‍ᠭᠠᠳ ᠣᠨ ‍ᠥ ᠦᠶ᠎ᠡ ᠳ᠋ᠦ ᠨᠡᠭᠡᠭᠡᠭᠰᠡᠨ ᠪᠠᠶᠢᠳᠠᠭ ᠃ ᠨᠢᠳᠦᠨ ‍ᠥ ᠭᠡᠷᠡᠯ ᠮᠡᠳᠡᠷᠡᠭᠴᠢ ᠡᠰ ‍ᠤᠤᠨ ᠲᠡᠭᠡᠷ᠎ᠡ ᠭᠡᠷᠡᠯ ᠲᠣᠰᠴᠦ ᠂ ᠲᠡᠷᠡ ᠨᠢ ᠴᠠᠰᠢ ᠪᠡᠨ ᠴᠠᠬᠢᠯᠭᠠᠨ ‍ᠥ ᠢᠮᠫᠣᠯᠢᠰ ᠪᠤᠶᠤ ᠰᠡᠷᠡᠯ ᠂ ᠳᠤᠬᠢᠶᠠᠯᠠᠯ ᠪᠤᠯᠵᠤ ᠬᠤᠪᠢᠷᠠᠨ᠎ᠠ᠃ ᠲᠡᠷᠡ ᠳᠤᠬᠢᠶᠠᠯᠠᠯ ‍ᠢ ᠲᠠᠷᠢᠬᠢᠨ ‍ᠥ ᠳᠠᠭᠵᠠᠨ ‍ᠥ ᠬᠡᠰᠡᠭ ᠲᠤ ᠪᠠᠶᠢᠳᠠᠭ ᠪᠦᠯᠣᠭ᠌ ᠡᠰ ‍ᠤᠤᠨ ᠬᠦᠯᠢᠶᠡᠵᠦ ᠠᠪᠤᠭᠠᠳ ᠡᠨᠡ ᠶᠠᠭᠤ ᠪᠤᠢ ᠭᠡᠳᠡᠭ ᠲᠦ ᠵᠠᠳᠠᠯᠤᠯᠲᠠ ᠬᠢᠵᠦ ᠂ ᠲᠤᠬᠠᠢ ‍ᠶᠢᠨ ᠮᠡᠳᠡᠭᠡᠯᠡᠯ ‍ᠢ ᠳᠦᠷᠰᠣ ᠪᠣᠯᠭᠠᠨ ᠬᠤᠪᠢᠷᠠᠭᠠᠳᠠᠭ ᠨᠠᠷᠢᠨ ᠲᠤᠭᠲᠠᠯᠴᠠᠭ᠎ᠠ ᠲᠠᠢ ᠃ ᠲᠡᠭᠡᠪᠡᠯ ᠳᠤᠯᠠᠭᠠᠨ ‍ᠢ ᠬᠡᠷᠬᠢᠨ ᠮᠡᠳᠡᠷᠡᠵᠤ ᠵᠤᠬᠢᠴᠠᠭᠤᠯᠳᠠᠭ ᠪᠤᠢ ᠭᠡᠬᠦ ᠠᠰᠠᠭᠣᠯᠲᠠ ᠣᠳᠤ ᠵᠢ ᠬᠦᠷᠳᠡᠯ᠎ᠡ  ᠲᠠᠶᠢᠯᠪᠤᠷᠢᠯᠠᠭᠳᠠᠭ᠎ᠠ ᠦᠭᠡᠢ ᠪᠠᠶᠢᠭ᠎ᠠ ᠶᠤᠮ ᠃ ᠠᠮᠢᠳᠦ ᠪᠡᠶᠡᠲᠤ ᠣᠷᠤᠰᠢᠨ ᠲᠣᠭᠲᠠᠨᠢᠬᠣ ‍ᠶᠢᠨ ᠲᠤᠯᠠᠳᠠ ᠬᠠᠯᠠᠭᠣᠨ ᠬᠦᠢᠲᠡᠨ ‍ᠢ ᠶᠠᠭᠠᠬᠢᠵᠤ ᠮᠡᠳᠡᠷᠡᠭᠡᠳ ᠲᠡᠷᠡ ᠨᠢ ᠲᠠᠷᠢᠬᠢᠨ ᠳ᠋ᠦ ᠬᠡᠷᠬᠢᠨ ᠣᠴᠢᠭᠠᠳ ᠮᠧᠬᠠᠨᠢᠰᠮ ᠨᠢ ᠶᠠᠭᠠᠬᠢᠵᠤ ᠲᠠᠶᠢᠯᠪᠣᠷᠢᠯᠠᠭᠳᠠᠳᠠᠭ ᠪᠤᠢ ᠭᠡᠳᠡᠭ ‍ᠢ ᠲᠤᠳᠤᠷᠬᠠᠶᠢᠯᠠᠬᠤ ᠳ᠋ᠦ ᠬᠡᠴᠡᠭᠦᠦ ᠃  

  2000 ᠣᠨ ‍ᠥ ᠦᠶ᠎ᠡ ᠳ᠋ᠦ ᠲᠣᠯᠠᠭᠠᠨ ‍ᠥ ᠮᠡᠳᠡᠷᠡᠬᠦᠢ ᠨᠢ ᠶᠡᠬᠡ ᠳᠠᠷᠢᠬᠢ ᠪᠠ ᠲᠠᠯᠠᠮᠤᠰ ᠤᠨ ᠲᠤᠭᠲᠠᠯᠴᠠᠭᠠᠨ ᠡᠴᠡ ᠭᠠᠳᠠᠨ᠎ᠠ ᠣᠷᠭᠤᠯ ᠮᠡᠳᠡᠷᠡᠯ ‍ᠤᠨ ᠲᠤᠭᠲᠠᠯᠴᠠᠭ᠎ᠠ ᠲᠠᠢ ᠬᠣᠯᠪᠤᠭ᠎ᠠ ᠲᠠᠢ ᠲᠤᠰ ᠲᠠᠭᠠᠨ ᠦᠭᠡᠷ᠎ᠡ ᠵᠠᠮ ᠲᠠᠢ ᠭᠡᠳᠡᠭ ‍ᠢ ᠪᠠᠳᠣᠯᠠᠭᠰᠠᠨ ᠪᠠᠶᠢᠳᠠᠭ ᠃ ᠣᠷᠭᠤᠯ ᠮᠡᠳᠡᠷᠡᠯ ‍ᠤᠨ ᠲᠣᠭᠲᠠᠯᠴᠠᠭ᠎ᠠ ᠭᠡᠳᠡᠭ ᠨᠢ ᠣᠬᠠᠮᠰᠠᠷ ᠲᠦ ᠵᠠᠬᠢᠷᠣᠭᠳᠠᠬᠣ ᠦᠭᠡᠢ ᠪᠡᠷ ᠢᠯᠡᠷᠡᠵᠤ ᠭᠠᠷᠴᠤ ᠢᠷᠡᠳᠡᠭ ᠪᠠᠶ᠎ᠠ ‍ᠶᠢᠨ ᠬᠠᠷᠢᠭᠣ ᠤᠷᠪᠠᠯ ᠤᠳ ᠢ ᠵᠤᠬᠢᠴᠠᠭᠤᠯᠳᠠᠭ ᠢᠯᠡᠭᠦᠦ ᠡᠷᠲᠠ ᠡᠭᠦᠰᠦᠭᠰᠡᠨ ᠲᠣᠭᠲᠠᠯᠴᠠᠭ᠎ᠠ ᠃ ᠡᠩ ‍ᠤᠨ ᠬᠢ ᠪᠡᠷ ᠲᠠᠶᠢᠯᠪᠤᠷᠢᠯᠠᠬᠣ ᠶᠤᠮ ᠪᠤᠯ ᠂ ᠬᠠᠯᠠᠭᠤᠴᠠᠪᠠᠯ ᠬᠦᠯᠦᠰᠦ ᠭᠠᠷᠳᠠᠭ ᠂ ᠳᠠᠭᠠᠷᠠᠪᠠᠯ ᠴᠡᠴᠡᠷᠡᠳᠡᠭ ᠮᠧᠬᠠᠨᠢᠰᠮ ᠨᠢ ᠣᠬᠠᠮᠰᠠᠷ ᠲᠦ ᠵᠠᠬᠢᠷᠤᠭᠳᠠᠬᠤ ᠦᠭᠡᠢ ᠢᠯᠡᠷᠡᠵᠤ ᠪᠠᠶᠢᠭ᠎ᠠ ᠰᠢᠨᠵᠢ ᠲᠡᠮᠳᠡᠭ ‍ᠤᠤᠨ ᠶᠤᠮ ᠃ ᠲᠡᠭᠡᠪᠡᠯ ᠬᠤᠪᠢᠰᠤᠯ ‍ᠤᠨ ᠶᠠᠪᠤᠴᠠ ᠳ᠋ᠦ ᠪᠦᠷ ᠣᠷᠭᠤᠯ ᠮᠡᠳᠡᠷᠡᠯ ‍ᠤᠨ ᠲᠤᠭᠲᠠᠯᠴᠠᠭᠠᠨ ᠡᠴᠡ ᠡᠮᠦᠨ᠎ᠡ ᠡᠭᠦᠰᠦᠭᠰᠡᠨ ᠪᠠᠰᠠ ᠨᠢᠭᠡ ᠲᠣᠭᠲᠠᠯᠴᠠᠭ᠎ᠠ ᠪᠠᠶᠢᠳᠠᠭ᠃ ᠲᠡᠷᠡ ᠨᠢ ᠠᠮᠢᠳᠦ ᠠᠮᠢᠲᠠᠨ ᠠᠩᠬ᠎ᠠ ᠡᠭᠦᠰᠴᠣ ᠪᠠᠶᠢᠬᠤ ᠳ᠋ᠦ ᠠᠮᠢᠳᠠᠨ ᠳ᠋ᠦ ᠪᠠᠶᠢᠭᠰᠠᠨ ᠲᠣᠭᠲᠠᠯᠴᠠᠭ᠎ᠠ ᠃ ᠪᠢ ᠳᠤᠯᠠᠭᠠᠨ ᠤ ᠮᠡᠳᠡᠭᠡᠯᠡᠯ ᠳᠡᠭᠡᠷᠡᠬᠢ ᠲᠤᠭᠲᠠᠯᠴᠠᠭ᠎ᠠ ᠨᠤᠭᠤᠳ ᠡᠴᠠ ᠦᠭᠡᠷ᠎ᠡ ᠵᠠᠮ ‍ᠶᠢᠡᠷ ᠶᠠᠪᠣᠵᠤ ᠲᠠᠷᠢᠬᠢᠨ ᠳ᠋ᠦ ᠣᠴᠢᠳᠠᠭ ᠭᠤᠷᠪᠠᠳᠤᠭᠠᠷ ᠵᠠᠮ ᠪᠠᠶᠢᠵᠤ ᠪᠤᠯᠤᠨ᠎ᠠ ᠭᠡᠵᠦ ᠦᠵᠡᠭᠡᠳ ᠰᠤᠳᠤᠯᠭ᠎ᠠ ᠬᠢᠭᠰᠡᠨ ᠃ ᠠᠷᠠᠰᠦ ᠪᠠ ᠳᠤᠲᠤᠷ ᠡᠷᠬᠡᠲᠡᠨ ᠳ᠋ᠦ ᠬᠦᠢᠲᠡᠨ ᠪᠠᠶᠢᠨ᠎ᠠ ᠂ ᠬᠠᠯᠠᠭᠣᠨ ᠪᠠᠶᠢᠨ᠎ᠠ ᠭᠡᠳᠡᠭ ᠮᠡᠳᠡᠭᠡᠯᠡᠯ ᠲᠠᠷᠢᠬᠢᠨ ‍ᠥ ᠰᠡᠳᠭᠢᠯ ᠬᠦᠳᠡᠯᠦᠯ ‍ᠢ ᠬᠠᠷᠢᠭᠣᠴᠠᠭᠰᠠᠨ ᠲᠤᠭᠲᠠᠯᠴᠠᠭᠠᠨ ᠳ᠋ᠦ ᠬᠦᠷᠴᠦ ᠣᠴᠢᠭᠠᠳ ᠂ ᠣᠷᠴᠢᠨ ‍ᠥ ᠳᠣᠯᠠᠭᠠᠨ ᠲᠠᠭᠠᠲᠠᠢ ᠡᠰᠡᠬᠦ ᠵᠢ ᠬᠢᠨᠠᠳᠠᠭ ᠲᠣᠭᠲᠠᠯᠴᠠᠭ᠎ᠠ ᠭᠡᠰᠡᠨ ᠦᠭᠡ ᠃ ᠣᠳᠤ  ᠪᠠᠭᠰᠢᠯᠠᠬᠤ ‍ᠶᠢᠨ ᠵᠡᠷᠭᠡᠴᠡᠭᠡ ᠡᠷᠡᠭᠦᠯ ᠪᠠ ᠡᠮᠭᠡᠭ ᠦᠶ᠎ᠡ ᠳ᠋ᠦ ᠨᠣᠶᠢᠷ ᠪᠤᠯᠴᠢᠷᠬᠠᠢ ‍ᠶᠢᠨ ᠮᠡᠳᠡᠷᠡᠯᠵᠢᠭᠦᠯᠦᠯᠲᠠ ᠳᠣᠲᠣᠭᠠᠳᠣ ᠱᠦᠭᠦᠷᠡᠯ ‍ᠤᠨ ᠪᠤᠯᠴᠢᠷᠬᠠᠢ ‍ᠶᠢᠨ ᠡᠰ ‍ᠤᠤᠨ ‍ᠢ ᠬᠡᠷᠬᠢᠨ ᠣᠳᠣᠷᠢᠳᠳᠠᠭ ᠪᠤᠢ ᠭᠡᠰᠡᠨ ᠰᠤᠳᠤᠯᠭᠠᠨ ᠲᠡᠭᠡᠷ᠎ᠡ ᠫᠷᠢᠨᠰᠲ᠋ᠣᠨ ᠶᠡᠬᠡ ᠰᠣᠷᠭᠠᠭᠣᠯᠢ ᠵᠢᠨ ᠡᠷᠳᠡᠮᠲᠡᠳ ᠲᠠᠢ ᠬᠠᠮᠲᠣᠷᠠᠨ ᠠᠵᠢᠯᠯᠠᠵᠤ ᠪᠠᠶᠢᠨ᠎ᠠ ᠃  

    – ᠡᠨᠡ ᠰᠤᠳᠤᠯᠭ᠎ᠠ ᠨᠢ ᠶᠠᠮᠠᠷ ᠱᠠᠲᠣᠨ ᠳ᠋ᠠᠭᠠᠨ ᠶᠠᠪᠣᠵᠤ ᠪᠠᠶᠢᠭ᠎ᠠ ᠪᠤᠢ ︖  

    – ᠷᠠᠲ᠋ᠭᠸᠷᠰ ᠤᠨ ᠶᠡᠬᠡ ᠰᠣᠷᠭᠠᠭᠣᠯᠢ ᠳᠤ ᠸᠢᠷᠦ᠋ᠰ ᠢᠶ᠋ᠡᠷ ᠳᠠᠮᠵᠢᠭᠤᠯᠵᠤ ᠮᠡᠳᠡᠷᠡᠯ ‍ᠤᠨ ᠵᠠᠮ ‍ᠢ ᠰᠤᠳᠤᠯᠳᠠᠭ ᠠᠷᠭ᠎ᠠ ᠂ ᠰᠢᠨ᠎ᠡ ᠲᠧᠭᠨᠤᠯᠤᠭᠢ ᠵᠢ ᠰᠤᠳᠤᠯᠬᠤ ᠪᠡᠷ ᠣᠴᠢᠭᠰᠠᠨ ᠃  ᠯᠠᠪᠤᠷᠠᠲ᠋ᠤᠷᠢ ᠶ᠋ᠢᠨ ᠠᠷᠭ᠎ᠠ ᠪᠡᠷ ᠭᠠᠷᠭᠠᠵᠤ ᠠᠪᠤᠭᠰᠠᠨ ᠭᠧᠨ ‍ᠥ ᠦᠭᠡᠷᠡᠴᠢᠯᠡᠯᠲᠡ ᠲᠠᠢ ᠂ ᠭᠡᠷᠡᠯ ᠭᠠᠷᠭᠠᠳᠠᠭ ᠂ ᠡᠰᠡᠪᠡᠯ ᠮᠡᠳᠡᠷᠡᠯ ‍ᠤᠨ ᠡᠰ ‍ᠤᠤᠨ ‍ᠤᠨ ᠬᠣᠭᠣᠷᠣᠨᠳᠣᠬᠢ ᠮᠸᠮᠪᠷᠠᠨ ᠢ ᠨᠡᠪᠲᠡᠯᠵᠦ ᠦᠰᠦᠷᠬᠢᠯᠡᠬᠦ ᠴᠢᠳᠠᠪᠤᠷᠢ ᠲᠠᠢ ᠸᠢᠷᠦ᠋ᠰ ‍ᠤᠤᠨ ᠲᠡᠭᠡᠷ᠎ᠡ ᠰᠤᠳᠤᠯᠭ᠎ᠠ ᠬᠢᠵᠦ ᠪᠠᠶᠢᠨ᠎ᠠ ᠃ ᠨᠣᠶᠢᠷ ᠪᠣᠯᠴᠢᠷᠬᠠᠢ ᠵᠢ ᠮᠡᠳᠡᠷᠡᠯᠵᠢᠭᠦᠯᠵᠤ ᠪᠠᠶᠢᠭ᠎ᠠ ᠡᠰ ‍ᠤᠤᠨ ᠬᠠᠮᠢᠭ᠎ᠠ ᠂ ᠶᠠᠮᠠᠷ ᠶᠠᠮᠠᠷ ᠳᠣᠬᠢᠶ᠎ᠠ ᠳᠠᠮᠵᠢᠭᠤᠯᠵᠤ ᠪᠠᠶᠢᠳᠠᠭ ‍ᠢ ᠯᠠᠪᠤᠷᠠᠲ᠋ᠤᠷᠢ ᠶ᠋ᠢᠨ ᠠᠷᠭ᠎ᠠ ᠪᠡᠷ ᠭᠠᠷᠭᠠᠵᠤ ᠠᠪᠤᠭᠰᠠᠨ ᠠᠮᠢᠳᠦ ᠡᠰ ‍ᠤᠤᠨ ‍ᠢ ᠠᠰᠢᠭᠯᠠᠨ ᠬᠢᠨᠠᠵᠣ ᠂ ᠦᠷ᠎ᠠ ᠳ᠋ᠦᠩ ‍ᠢ ᠨᠢ ᠰᠣᠳᠣᠯᠵᠣ ᠪᠠᠶᠢᠨ᠎ᠠ᠃ ᠬᠣᠭᠣᠯᠠ ᠢᠳᠡᠭᠰᠡᠨ ‍ᠥ ᠳᠠᠷᠠᠭ᠎ᠠ ᠂ ᠢᠳᠡᠬᠦ ᠦᠶ᠎ᠡ ᠳ᠋ᠦ ᠡᠰᠡᠪᠡᠯ ᠪᠦᠷ ᠢᠳᠡᠬᠦ ᠡᠴᠡ ᠡᠮᠦᠨ᠎ᠡ ᠵᠠᠬ᠎ᠠ ᠵᠢᠨ ᠮᠡᠳᠡᠷᠡᠯ ‍ᠤᠨ ᠡᠰ ‍ᠤᠤᠨ ᠶᠠᠮᠠᠷ  ᠭᠸᠨ ᠨᠤᠭᠦᠳ ᠢᠳᠡᠪᠬᠢᠵᠢᠵᠦ ᠪᠠᠶᠢᠨ᠎ᠠ ᠂ ᠲᠠᠷᠭᠤᠯᠠᠬᠤ ᠂ ᠰᠢᠬᠢᠷ ‍ᠤᠨ ᠰᠢᠵᠢᠩ ᠡᠪᠡᠳᠴᠢᠨ ‍ᠥ ᠦᠶ᠎ᠡ ᠳ᠋ᠦ ᠲᠡᠷᠡ ᠡᠰ ‍ᠤᠤᠨ ᠲᠦ ᠶᠠᠮᠠᠷ ᠦᠭᠡᠷᠡᠴᠢᠯᠡᠯᠲᠡ ᠭᠠᠷᠴᠤ ᠪᠠᠶᠢᠨ᠎ᠠ ᠂ ᠨᠦᠭᠦᠨ  ᠲᠦᠯᠦᠵᠢᠯᠲᠡ ᠬᠡᠷᠬᠢᠨ ᠦᠭᠡᠷᠡᠴᠢᠯᠡᠭᠳᠡᠵᠦ ᠪᠠᠶᠢᠨ᠎ᠠ ᠭᠡᠳᠡᠭ ‍ᠢ ᠰᠣᠳᠣᠯᠵᠣ ᠪᠠᠶᠢᠨ᠎ᠠ ᠃  

    – ᠲᠠ  ᠳᠡᠯᠡᠬᠡᠢ  ᠶᠢᠨ ᠳᠠᠷᠢᠬᠢ ᠰᠤᠳᠤᠯᠤᠯ ‍ᠤᠨ ᠪᠠᠶᠢᠭᠤᠯᠤᠯᠭ᠎ᠠ ᠵᠢᠨ ᠠᠽᠢᠶ᠎ᠠ ᠨᠣᠮᠣᠬᠠᠨ ᠳᠠᠯᠠᠢ ᠵᠢᠨ ᠪᠦᠰᠡ ᠵᠢᠨ ᠣᠳᠤᠷᠢᠳᠬᠤ ᠵᠦᠪᠯᠡᠯ ‍ᠤᠨ ᠭᠡᠰᠢᠭᠦᠨ ᠂ ᠮᠣᠩᠭᠣᠯ ‍ᠤᠨ ᠰᠡᠳᠬᠢᠴᠡ ‍ᠶᠢᠨ ᠡᠮᠭᠡᠭ ᠰᠤᠳᠤᠯᠤᠯ ‍ᠤᠨ ᠨᠡᠶᠢᠭᠡᠮᠯᠢᠭ ‍ᠤᠨ ᠲᠡᠷᠢᠭᠦᠨ ᠃ ᠮᠣᠩᠭᠣᠯ ᠳᠤ ᠳᠠᠷᠢᠬᠢ ᠰᠤᠳᠤᠯᠤᠯ ‍ᠤᠨ ᠰᠢᠨᠵᠢᠯᠡᠬᠦ ᠣᠬᠠᠭᠠᠨ ‍ᠢ ᠬᠦᠭᠵᠢᠭᠦᠯᠬᠦ ᠳ᠋ᠦ ᠬᠡᠷᠬᠢᠨ ᠠᠩᠬᠠᠷᠴᠦ ᠂ ᠠᠵᠢᠯᠯᠠᠵᠤ ᠪᠠᠶᠢᠨ᠎ᠠ ᠪᠤᠢ  ︖   

   – ᠦᠨᠳᠦᠷ ᠬᠦᠭᠵᠢᠯ ᠲᠡᠢ ᠣᠷᠤᠨ ᠨᠤᠭᠤᠳ ᠲᠦ ᠳᠠᠷᠢᠬᠢ ᠰᠤᠳᠤᠯᠤᠯ ‍ᠤᠨ ᠰᠢᠨᠵᠢᠯᠡᠬᠦ ᠣᠬᠠᠭᠠᠨ ‍ᠥ ᠬᠦᠭᠵᠢᠯ ᠳ᠋ᠦ ᠰᠠᠭᠤᠷᠢᠯᠠᠵᠤ ᠣᠶᠢᠷ᠎ᠠ ‍ᠶᠢᠨ ᠦᠶ᠎ᠡ ᠳ᠋ᠦ ᠠᠩᠭᠠᠷᠠᠭ ᠭᠠᠷᠠᠭ ᠲᠡᠭᠡᠷ᠎ᠡ ᠠᠩᠬᠠᠨ ‍ᠥ ᠬᠦᠮᠦᠨ ᠲᠦᠷᠦᠯᠬᠢᠲᠡᠨ ‍ᠥ ᠺᠣᠯᠣᠨᠢ ᠪᠠᠶᠢᠭᠤᠯᠤᠨ᠎ᠠ ᠂ ᠪᠢᠤ᠋ ᠮᠠᠲ᠋ᠸᠷᠢᠶᠠᠯ ᠳ᠋ᠤ ᠰᠠᠭᠣᠷᠢᠯᠠᠭᠰᠠᠨ ᠬᠢᠮᠡᠯ ᠣᠶᠣᠨ ᠣᠬᠠᠭᠠᠨᠳᠤ ᠷᠤᠪᠣᠲ ᠮᠠᠰᠢᠨ ᠬᠦᠮᠦᠨ ︶ ‍ᠤᠤᠨ ᠦᠢᠯᠡᠳᠪᠦᠷᠢᠯᠡᠨ᠎ᠠ ᠭᠡᠵᠦ ᠶᠠᠷᠢᠭᠠᠳ ᠡᠬᠢᠯᠡᠯ᠎ᠠ ᠃ ᠲᠧᠭᠨᠤᠯᠤᠭᠢ ᠵᠢᠨ ᠬᠤᠪᠢᠰᠬᠠᠯ ‍ᠢ ᠣᠶᠣᠨ ᠣᠬᠠᠭᠠᠨ ‍ᠥ ᠡᠷᠢᠨ ᠦᠶ᠎ᠡ ᠡᠬᠢᠯᠡᠵᠦ ᠪᠠᠶᠢᠨ᠎ᠠ ᠭᠡᠵᠦ ᠵᠠᠷᠯᠠᠬᠤ ᠪᠣᠯᠣᠯ᠎ᠠ ᠃ ᠳᠠᠷᠢᠬᠢ ᠰᠤᠳᠤᠯᠤᠯ ‍ᠢ 21 ᠵᠠᠭᠣᠨ ‍ᠥ ᠲᠡᠷᠢᠭᠦᠯᠡᠬᠦ ᠰᠢᠨᠵᠢᠯᠡᠬᠦ ᠣᠬᠠᠭᠠᠨ ᠭᠡᠵᠦ ᠨᠡᠷᠡᠯᠡᠵᠤ ᠪᠠᠶᠢᠨ᠎ᠠ ᠃ ᠬᠠᠷᠢᠨ ᠪᠢᠳᠡ ᠶᠠᠮᠠᠷ ᠲᠠᠢ ᠴᠦ ᠲᠠᠪᠣᠨ ᠵᠢᠯ ‍ᠤᠨ ᠡᠮᠦᠨ᠎ᠡ ᠠᠩᠬ᠎ᠠ ᠮᠣᠩᠭᠣᠯ ‍ᠤᠨ ᠳᠠᠷᠢᠬᠢ ᠰᠤᠳᠤᠯᠤᠯ ‍ᠤᠨ ᠨᠡᠶᠢᠭᠡᠮᠯᠢᠭ ᠢ ᠪᠠᠶᠢᠭᠤᠯᠤᠭᠰᠠᠨ ᠃ ᠡᠨᠡ ᠬᠤᠭᠤᠴᠠᠭᠠᠨ ᠳ᠋ᠦ ᠲᠡᠯᠡᠬᠠᠢ ‍ᠶᠢᠨ ᠳᠠᠷᠢᠬᠢ ᠰᠤᠳᠤᠯᠤᠯ ‍ᠤᠨ ᠪᠠᠶᠢᠭᠤᠯᠤᠯᠭ᠎ᠠ ᠵᠢᠨ ᠡᠷᠳᠡᠮᠲᠡᠳ ‍ᠢ ᠮᠣᠩᠭᠣᠯ ᠳᠤ ᠣᠷᠢᠬᠤ ᠂ ᠬᠡᠷᠬᠢᠨ ᠬᠦᠭᠵᠢᠭᠦᠯᠬᠦ ᠪᠤᠢ ᠂ ᠶᠠᠭᠠᠬᠢᠭᠠᠳ ᠴᠢᠬᠣᠯᠠ ᠪᠤᠢ ᠭᠡᠳᠡᠭ ‍ᠢ ᠣᠶᠢᠯᠡᠭᠠᠭᠤᠯᠵᠤ ᠲᠠᠶᠢᠯᠪᠤᠷᠢᠯᠠᠬᠣ ᠂ ᠡᠨᠡ ᠰᠠᠯᠪᠤᠷᠢ ᠵᠢ ᠬᠡᠷᠬᠢᠨ ᠬᠦᠭᠵᠢᠭᠦᠯᠬᠦ ᠲᠠᠯ᠎ᠠ ᠪᠡᠷ ᠶᠠᠷᠢᠯᠴᠠᠵᠦ ᠂ ᠰᠠᠨᠠᠯ ᠰᠤᠯᠢᠯᠴᠠᠭᠰᠠᠭᠠᠷ ᠢᠷᠡᠭᠰᠡᠨ ᠃ ᠴᠢᠨᠠᠭᠰᠢᠳᠠ ᠴᠦ  ᠣᠯᠠᠨ ᠲᠠᠯ᠎ᠠ ᠪᠡᠷ ᠬᠠᠮᠲᠣᠷᠠᠨ ᠠᠵᠢᠯᠯᠠᠵᠤ ᠮᠣᠩᠭᠣᠯ ᠳᠤ ᠳᠠᠷᠢᠬᠢ ᠰᠤᠳᠤᠯᠤᠯ ‍ᠤᠨ ᠪᠡᠶ᠎ᠡ ᠳᠠᠭᠠᠭᠠᠭᠰᠠᠨ ᠯᠠᠪᠣᠷᠠᠲ᠋ᠣᠷᠢ ᠂ ᠰᠣᠳᠣᠯᠭᠠᠨ ‍ᠥ ᠲᠦᠪ ᠪᠠᠶᠢᠭᠤᠯᠬᠤ ᠨᠢ ᠨᠡᠩ ᠲᠡᠷᠢᠭᠦᠨ ‍ᠥ ᠴᠢᠬᠣᠯᠠ ᠠᠵᠢᠯ ᠪᠤᠯᠤᠭᠠᠳ ᠪᠠᠶᠢᠭ᠎ᠠ ᠶᠤᠮ ᠃   

   ᠳᠠᠷᠢᠬᠢ ᠰᠤᠳᠤᠯᠤᠯ ‍ᠤᠨ ᠰᠢᠨᠵᠢᠯᠡᠬᠦ ᠣᠬᠠᠭᠠᠨ ᠪᠤᠯ ᠪᠦᠬᠦ ᠰᠢᠨᠵᠢᠯᠡᠬᠦ ᠣᠬᠠᠭᠠᠨ ‍ᠥ ᠠᠭᠤᠯᠵᠠᠪᠣᠷᠢ ᠲᠡᠭᠡᠷ᠎ᠡ ᠣᠷᠣᠰᠢᠵᠦ ᠪᠠᠶᠢᠳᠠᠭ ᠃ ᠮᠠᠲ᠋ᠧᠮᠠᠲ᠋ᠢᠺ ᠤᠨ ᠰᠢᠨᠵᠢᠯᠡᠬᠦ ᠣᠬᠠᠭᠠᠨ ‍ᠥ  ᠵᠠᠭᠪᠤᠷᠴᠢᠯᠠᠯ ᠦᠭᠡᠢ ᠪᠡᠷ ᠳᠠᠷᠢᠬᠢ ᠰᠤᠳᠤᠯᠤᠯ ‍ᠤᠨ ᠲᠡᠷᠡ ᠣᠯᠠᠨ ᠰᠡᠷᠡᠯ ᠂ ᠰᠠᠭᠠᠲᠤᠯ ᠤᠨ ᠫᠷᠤᠴᠸᠰᠰ ᠶᠠᠪᠤᠴᠠ ᠂ ᠠᠯᠬᠤᠮ ᠳᠠᠷᠠᠭ᠎ᠠ ︶ ‍ᠢ ᠲᠠᠶᠢᠯᠪᠤᠷᠢᠯᠠᠬᠣ ᠠᠷᠭ᠎ᠠ ᠪᠠᠶᠢᠬᠤ ᠦᠭᠡᠢ ᠃ ᠤᠳᠤᠮ ᠵᠦᠢ ᠪᠤᠯᠤᠨ ᠬᠢᠮᠢ ‍ᠶᠢᠨ ᠰᠢᠨᠵᠢᠯᠡᠬᠦ ᠣᠬᠠᠭᠠᠨ ‍ᠥ ᠣᠯᠤᠯᠲᠠ ᠠᠮᠵᠢᠯᠲᠠ ᠵᠢ ᠠᠰᠢᠭᠯᠠᠬᠤ ᠦᠭᠡᠢ ᠪᠡᠷ ᠲᠠᠷᠢᠬᠢ ᠵᠢ ᠰᠣᠳᠣᠯᠬᠣ ᠠᠷᠭ᠎ᠠ ᠦᠭᠡᠢ ᠭᠡᠬᠦ ᠵᠡᠷᠭᠡ ᠪᠡᠷ ᠹᠢᠽᠢᠺ ᠂ ᠬᠢᠮᠢ ᠂ ᠪᠢᠣᠯᠤᠭᠢ ᠂ ᠮᠠᠲ᠋ᠸᠮᠠᠲ᠋ᠢᠺ ᠭᠡᠳ ᠪᠦᠬᠦ ᠰᠠᠯᠪᠤᠷᠢ ᠰᠢᠨᠵᠢᠯᠡᠬᠦ ᠣᠬᠠᠭᠠᠨ ‍ᠢ ᠬᠦᠭᠵᠢᠭᠦᠯᠵᠦ ᠂ ᠬᠠᠮᠲᠣᠷᠠᠨ ᠰᠣᠳᠣᠯᠬᠣ ᠵᠠᠶᠢᠯᠠᠰᠢ ᠦᠭᠡᠢ ᠱᠠᠭᠠᠷᠳᠠᠯᠭ᠎ᠠ ᠲᠠᠢ ᠃ ᠳᠤᠪᠴᠢᠬᠠᠨ ᠳ᠋ᠠᠭᠠᠨ ᠂ ᠮᠣᠩᠭᠣᠯ ᠬᠦᠮᠦᠨ ᠭᠡᠵᠦ ᠬᠡᠨ ᠪᠤᠢ ᠭᠡᠳᠡᠭ ᠠᠰᠠᠭᠣᠯᠲᠠ ᠳᠤ ᠪᠠᠶᠢᠭᠠᠯᠢ ᠪᠠ ᠨᠡᠶᠢᠭᠡᠮ ‍ᠤᠨ ᠰᠢᠨᠵᠢᠯᠡᠬᠦ ᠣᠬᠠᠭᠠᠨ ‍ᠥ ᠰᠠᠯᠪᠤᠷᠢ ᠪᠦᠷ ᠰᠣᠳᠣᠯᠵᠣ ᠪᠠᠶᠢᠵᠤ ᠬᠠᠮᠤᠭ ‍ᠤᠨ ᠵᠦᠪ ᠬᠠᠷᠢᠭᠣᠯᠳᠠ ᠵᠢ ᠦᠭᠴᠦ ᠴᠢᠳᠠᠨ᠎ᠠ  ᠰᠢᠣ ‍ᠳᠧ ᠃ ᠵᠢᠱᠢᠶᠡᠯᠡᠪᠡᠯ ᠂ ᠰᠲ᠋ᠷᠸᠰᠰ ︵ ᠰᠡᠳᠭᠢᠯ ᠦᠨ ᠳᠠᠷᠤᠭᠠᠰᠤ ᠭᠡᠬᠦ ᠳ᠋ᠦ ᠮᠣᠩᠭᠣᠯ ᠳᠤ ᠶᠠᠮᠠᠷ ᠲᠦᠪᠰᠢᠨ ᠳ᠋ᠦ ᠪᠠᠶᠢᠨ᠎ᠠ ᠂ ᠭᠤᠣᠯᠯᠠᠨ ᠨᠦᠯᠦᠭᠡᠯᠡᠵᠤ ᠪᠠᠶᠢᠭ᠎ᠠ ᠡᠷᠡᠰᠳᠡᠯᠲᠦ ᠬᠦᠴᠦᠨ ᠵᠦᠢᠯ ᠶᠠᠭᠤ ᠪᠤᠢ ᠂ ᠲᠡᠭᠦᠨ ‍ᠢ ᠬᠡᠷᠬᠢᠨ ᠰᠶᠢᠳᠪᠦᠷᠢᠯᠡᠵᠤ ᠪᠤᠯᠬᠤ ᠪᠤᠢ ᠭᠡᠳᠡᠭ ᠲᠦ ᠰᠠᠯᠪᠤᠷᠢ ᠪᠦᠷᠢ ᠵᠢᠨ ᠰᠤᠳᠤᠯᠭᠠᠨ ᠲᠡᠭᠡᠷ᠎ᠡ ᠲᠤᠯᠭᠠᠭᠤᠷᠢᠯᠠᠵᠤ ᠪᠠᠶᠢᠵᠤ ᠳᠠᠷᠢᠬᠢ ᠰᠤᠳᠤᠯᠤᠯ ‍ᠤᠨ ᠰᠢᠨᠵᠢᠯᠡᠬᠦ ᠣᠬᠠᠭᠠᠨ ᠬᠠᠷᠢᠭᠣᠯᠲᠠ ᠦᠭᠴᠦ ᠴᠢᠳᠠᠬᠤ ᠶᠤᠮ  ᠃  

   – ᠰᠡᠭᠦᠯ ‍ᠤᠨ ᠵᠢᠯ ‍ᠤᠤᠨ ᠲᠦ ᠰᠲ᠋ᠷᠸᠰᠰ ‍ᠤᠨ ᠭᠠᠷᠤᠯ ᠳᠠᠢ ᠡᠪᠡᠳᠴᠢᠯᠡᠯ ᠨᠡᠯᠢᠶᠡᠳ ᠭᠠᠷᠬᠤ ᠪᠣᠯᠣᠭᠰᠠᠨ ᠲᠠᠯ᠎ᠠ ᠪᠡᠷ ᠮᠡᠷᠭᠡᠵᠢᠯᠲᠡᠨ ᠨᠦ᠋ᠭᠦᠳ ᠣᠨᠴᠠᠯᠠᠳᠠᠭ ᠃ ᠰᠲ᠋ᠷᠸᠰᠰ ‍ᠶᠢᠡᠨ ᠬᠡᠷᠬᠢᠨ ᠲᠠᠶᠢᠯᠬᠤ ᠲᠠᠯ᠎ᠠ ᠪᠡᠷ ᠵᠦᠪᠯᠡᠯᠭᠡ ᠦᠭᠭᠦ ᠦᠭᠡᠢ ᠤᠣ ︖  

   – ᠮᠣᠩᠭᠣᠯ ‍ᠤᠨ ᠨᠡᠶᠢᠭᠡᠮ ᠪᠣᠬᠢᠨᠢᠳᠣᠯ ᠲᠠᠢ ᠪᠠᠶᠢᠨ᠎ᠠ ᠂ ᠬᠦᠮᠦᠰ ᠮᠠᠰᠢ ᠶᠡᠬᠡ ᠰᠲ᠋ᠷᠸᠰᠰ ᠲᠦ ᠦᠷᠲᠦᠵᠦ ᠪᠠᠶᠢᠨ᠎ᠠ ᠭᠡᠵᠦ ᠶᠠᠷᠢᠳᠠᠭ ᠃ ᠭᠡᠬᠦ ᠳ᠋ᠡᠭᠡᠨ ᠰᠲ᠋ᠷᠸᠰᠰ ᠶᠠᠭ ᠶᠠᠮᠠᠷ ᠲᠦᠪᠰᠢᠨ ᠳ᠋ᠦ ᠪᠠᠶᠢᠭ᠎ᠠ ᠵᠢ ᠬᠠᠷᠠᠬᠠᠨ ᠰᠣᠳᠣᠯᠵᠣ ᠲᠤᠭᠳᠠᠭᠠᠭ᠎ᠠ ᠦᠭᠡᠢ ᠪᠠᠶᠢᠭ᠎ᠠ ᠃ ᠳᠠᠷᠢᠬᠢ ᠭᠡᠳᠡᠭ ᠡᠷᠭᠡᠲᠡᠨ ‍ᠢ ᠬᠠᠮᠤᠭ ‍ᠤᠨ ᠡᠩ ‍ᠤᠨ ᠬᠢ ᠪᠡᠷ ᠲᠠᠶᠢᠯᠪᠣᠷᠢᠯᠠᠪᠠᠯ ᠂ ᠮᠡᠳᠡᠭᠡᠯᠡᠯ ᠬᠦᠯᠢᠶᠡᠵᠦ ᠠᠪᠤᠭᠠᠳ ᠪᠤᠯᠪᠠᠰᠤᠷᠠᠭᠤᠯᠤᠭᠠᠳ ᠬᠠᠷᠢᠭᠣ ᠦᠢᠯᠡᠳᠦᠯ ᠦᠵᠡᠭᠦᠯᠵᠦ ᠪᠠᠶᠢᠭ᠎ᠠ ᠫᠷᠤᠴᠸᠰᠰᠰᠤᠷ ᠭᠡᠵᠦ ᠬᠡᠯᠡᠵᠦ ᠪᠤᠯᠤᠨ᠎ᠠ ᠃ ᠲᠠᠷᠢᠬᠢᠨ ᠳ᠋ᠦ ᠢᠷᠡᠵᠦ ᠪᠠᠶᠢᠭ᠎ᠠ ᠮᠡᠳᠡᠭᠡᠯᠡᠯ ᠡᠴᠡ ᠬᠠᠮᠢᠶᠠᠷᠤᠭᠠᠳ  ᠰᠡᠳᠭᠢᠯ ᠦᠨ ᠳᠠᠷᠤᠭᠠᠰᠤ ᠲᠠᠢ ᠤᠣ ᠂ ᠦᠭᠡᠢ ᠤᠣ ᠭᠡᠳᠡᠭ ᠬᠠᠷᠢᠯᠴᠠᠨ ᠬᠠᠮᠢᠶᠠᠷᠣᠯ ᠲᠠᠢ ᠃ ᠬᠦᠮᠦᠨ ‍ᠥ ᠣᠬᠠᠮᠰᠠᠷ ᠲᠦ ᠵᠠᠬᠢᠷᠣᠭᠳᠠᠬᠣ ᠦᠭᠡᠢ ᠪᠡᠷ ᠦᠢᠯᠡᠳᠦᠯ ᠭᠠᠷᠭᠠᠵᠤ ᠂ ᠪᠢᠳᠡᠨ ‍ᠢ ᠬᠠᠮᠠᠭᠠᠯᠠᠵᠣ ᠂ ᠮᠡᠳᠡᠷᠡᠵᠤ ᠪᠠᠶᠢᠳᠠᠭ ᠲᠣᠭᠲᠠᠯᠴᠠᠭ᠎ᠠ ᠪᠢᠳᠡᠨ ‍ᠥ ᠪᠡᠶ᠎ᠡ ᠳ᠋ᠦ ᠪᠠᠶᠢᠳᠠᠭ ᠃ ᠨᠢᠭᠡ ᠵᠢᠱᠢᠶ᠎ᠡ ᠬᠡᠯᠡᠶ᠎ᠡ ᠂ ᠭᠠᠯᠵᠠᠭᠤ ᠨᠣᠬᠠᠢ ᠲᠠᠢ ᠲᠠᠭᠠᠷᠠᠭᠰᠠᠨ ᠬᠦᠮᠦᠨ ᠲᠡᠭᠦᠨ ‍ᠢ ᠬᠠᠷᠠᠭᠠᠳ ᠰᠢᠭᠤᠳ ᠵᠢᠭᠤᠳᠠᠳᠠᠭ ᠃ ᠲᠠᠷᠢᠬᠢᠨ ᠳ᠋ᠦ ᠨᠢ ᠠᠶᠤᠯ ᠲᠠᠢ ᠭᠡᠳᠡᠭ ᠳᠣᠬᠢᠶ᠎ᠠ ᠮᠠᠰᠢ ᠬᠣᠷᠳᠣᠨ ᠣᠴᠢᠵᠤ ᠪᠠᠶᠢᠭ᠎ᠠ ᠲᠣᠯᠠ ᠲᠡᠷᠡ ᠬᠦᠮᠦᠨ ᠳ᠋ᠦ ᠰᠢᠭᠤᠳ ᠵᠢᠭᠤᠳᠠᠬᠤ ᠲᠣᠰᠢᠶᠠᠯ ‍ᠢ ᠳᠠᠷᠢᠬᠢ ᠦᠭᠴᠦ ᠪᠠᠶᠢᠭ᠎ᠠ ᠶᠤᠮ ᠃ ᠪᠢᠳᠡᠨ ‍ᠥ ᠣᠬᠠᠮᠰᠠᠷ ᠂ ᠣᠶᠣᠨ ᠰᠠᠨᠠᠭᠠᠨ ᠳ᠋ᠦ ᠵᠠᠬᠢᠷᠣᠭᠳᠠᠬᠣ ᠦᠭᠡᠢ ᠪᠡᠷ ᠦᠢᠯᠡᠳᠦᠯ ᠬᠢᠴᠢᠬᠠᠵᠦ ᠪᠠᠶᠢᠨ᠎ᠠ ᠭᠡᠰᠡᠨ ᠦᠭᠡ ᠃ ᠰᠲ᠋ᠷᠸᠰᠰ ᠡᠭᠦᠨ ᠲᠠᠢ ᠶᠠᠭ ᠠᠳᠠᠯᠢᠬᠠᠨ ᠃ ᠪᠢ ᠲᠠᠶᠢᠪᠣᠩ ᠪᠠᠶᠢᠶ᠎ᠠ ᠭᠡᠵᠦ ᠬᠢᠴᠢᠶᠡᠭᠡᠳ ᠣᠬᠠᠮᠰᠠᠷ ᠲᠦ ᠵᠠᠬᠢᠷᠤᠭᠳᠠᠬᠤ ᠦᠭᠡᠢ ᠪᠠᠶᠢᠭ᠎ᠠ ᠶᠤᠮ ᠃ ᠬᠦᠮᠦᠨ ᠪᠤᠬᠢᠨᠢᠳᠤᠬᠤ ᠪᠠᠷ ᠵᠢᠷᠦᠬᠡᠨ ᠦ ᠴᠤᠬᠢᠯᠭ᠎ᠠ ᠲᠦᠷᠭᠡᠰᠴᠦ᠂ ᠳᠠᠷᠤᠯᠲᠠ ᠶᠡᠬᠠᠰᠴᠦ ᠂ ᠠᠷᠠᠰᠦ ᠣᠯᠠᠶᠢᠵᠤ ᠂ ᠴᠡᠴᠡᠷᠡᠬᠦ ᠵᠡᠷᠭᠡ ᠪᠡᠷ ᠣᠬᠠᠮᠰᠠᠷ ᠵᠤᠬᠢᠴᠠᠭᠤᠯᠬᠤ ᠦᠭᠡᠢ ᠂ ᠦᠢᠯᠡᠳᠦᠯ ᠬᠢᠵᠦ ᠦᠪᠡᠷ ‍ᠢ ᠪᠠᠨ ᠬᠠᠮᠠᠭᠠᠯᠠᠳᠠᠭ ᠃  

   ᠲᠡᠭᠡᠬᠦ ᠪᠡᠷ ᠶᠠᠭᠣ ᠵᠢ ᠰᠲ᠋ᠷᠸᠰᠰ ᠭᠡᠵᠦ  ᠪᠠᠶᠢᠭ᠎ᠠ ᠨᠢ ᠮᠠᠰᠢ ᠴᠢᠬᠣᠯᠠ ᠶᠤᠮ ᠃ ᠡᠨᠡ ᠨᠢ ᠬᠦᠮᠦᠨ ᠪᠦᠷᠢ ᠵᠢᠨ ᠬᠤᠪᠢ ᠳ᠋ᠦ ᠦᠰᠦᠭᠰᠡᠨ ᠲᠦᠷᠦᠭᠰᠡᠨ ᠣᠷᠴᠢᠨ ᠡᠴᠡ ᠰᠢᠯᠳᠠᠭᠠᠯᠠᠭᠠᠳ ᠶᠠᠩᠵᠦ ᠪᠦᠷᠢ ᠪᠠᠶᠢᠨ᠎ᠠ ᠃ ᠲᠤᠬᠠᠢ ‍ᠶᠢᠨ ᠬᠦᠮᠦᠨ ‍ᠢ ᠶᠠᠭᠤ ᠂ ᠶᠠᠮᠠᠷ ᠠᠰᠠᠭᠣᠳᠠᠯ ᠬᠠᠮᠤᠭ ‍ᠤᠨ ᠶᠡᠬᠡ ᠪᠡᠷ ᠪᠤᠬᠢᠨᠢᠳᠤᠭᠤᠯᠵᠤ ᠂ ᠰᠡᠳᠭᠢᠯ ᠦᠨ ᠳᠠᠷᠤᠭᠠᠰᠤ ᠲᠠᠢ ᠪᠤᠯᠭᠠᠵᠤ ᠪᠠᠶᠢᠭ᠎ᠠ ᠪᠠᠨ ᠮᠡᠳᠡᠴᠢᠬᠠᠬᠦ ᠶᠤᠮ ᠪᠤᠯ ᠲᠡᠭᠦᠨ ‍ᠢ ᠰᠢᠢᠳᠪᠦᠷᠢᠯᠡᠬᠦ ᠠᠷᠭ᠎ᠠ ᠵᠠᠮ ᠪᠤᠢ ᠃ ᠬᠠᠮᠤᠭ ‍ᠤᠨ ᠭᠣᠣᠯ ᠨᠢ ᠪᠤᠬᠢᠨᠢᠳᠤᠭᠤᠯᠵᠤ  ᠪᠠᠶᠢᠭ᠎ᠠ ᠲᠤᠬᠠᠢ ‍ᠶᠢᠨ ᠵᠦᠢᠯ ᠭᠡᠷ ᠪᠦᠯᠢ ᠳ᠋ᠦ ᠪᠠᠶᠢᠨ᠎ᠠ ᠤᠣ ᠂ ᠨᠠᠶᠢᠵᠠ ᠨᠦᠬᠦᠳ ᠲᠦ ᠤᠣ ᠂ ᠡᠰᠡᠪᠡᠯ ᠠᠮᠢᠳᠤᠷᠠᠵᠤ ᠪᠠᠶᠢᠭ᠎ᠠ ᠨᠡᠶᠢᠭᠡᠮ ᠡᠴᠡ ᠰᠢᠯᠳᠠᠭᠠᠯᠠᠵᠦ ᠪᠠᠶᠢᠭ᠎ᠠ ᠤᠣ ᠂ ᠠᠮᠢᠳᠤᠷᠠᠯ ‍ᠤᠨ ᠵᠤᠷᠢᠯᠭ᠎ᠠ ᠪᠡᠨ ᠪᠡᠶᠡᠯᠡᠭᠦᠯᠬᠦ ᠳ᠋ᠦ ᠶᠠᠭᠤ ᠰᠠᠭᠠᠳ ᠪᠤᠯᠵᠤ ᠪᠠᠶᠢᠨ᠎ᠠ ᠂ ᠶᠠᠭᠣᠨ ᠡᠴᠡ ᠰᠲ᠋ᠷᠸᠰᠰ ᠬᠦᠯᠢᠶᠡᠵᠦ ᠠᠪᠴᠣ ᠪᠠᠶᠢᠭ᠎ᠠ ᠪᠠᠨ ᠲᠤᠳᠤᠷᠬᠠᠢ ᠪᠣᠯᠭᠠᠬᠣ ᠨᠢ ᠴᠢᠬᠣᠯᠠ᠃ ᠰᠲ᠋ᠷᠸᠰᠰ ‍ᠤᠨ ᠡᠬᠢ ᠡᠭᠦᠰᠪᠦᠷᠢ ᠪᠡᠨ ᠣᠬᠠᠮᠰᠠᠷ ᠣᠯᠣᠭᠠᠳ ᠮᠡᠳᠡᠴᠢᠬᠠᠬᠦ ᠶᠤᠮ ᠪᠤᠯ ᠲᠡᠭᠦᠨ ᠡᠴᠡ ᠵᠠᠶᠢᠯᠠᠰᠭᠢᠬᠦ ᠪᠣᠯᠣᠮᠵᠢᠲᠠᠢ ᠪᠤᠯᠤᠨ᠎ᠠ ᠃  

       – ᠰᠲ᠋ᠷᠸᠰᠰ ᠰᠡᠳᠬᠢᠴᠡ ‍ᠶᠢᠨ ᠡᠮᠭᠡᠭ ᠲᠠᠢ ᠪᠤᠯᠬᠤ ᠳ᠋ᠦ ᠨᠦᠯᠦᠭᠡᠯᠡᠬᠦ ᠤᠣ ︖  

     – ᠳᠠᠷᠢᠬᠢ ᠢᠯᠠᠭᠳᠠᠯ ‍ᠢ ᠬᠦᠯᠢᠶᠡᠨ ᠵᠦᠪᠰᠢᠶᠡᠷᠡᠳᠡᠭ ᠦᠭᠡᠢ  ᠡᠷᠬᠡᠲᠡᠨ ᠃ ᠳᠠᠪᠠᠵᠤ ᠭᠠᠷᠴᠤ ᠂ ᠠᠰᠠᠭᠣᠳᠠᠯ ‍ᠢ ᠰᠢᠢᠳᠬᠦ ᠳ᠋ᠦ ᠪᠡᠷᠬᠡ ᠨᠦᠬᠦᠴᠡᠯ ᠪᠠᠶᠢᠳᠠᠯ ᠲᠠᠢ ᠲᠤᠯᠭᠠᠷᠠᠭᠰᠠᠨ ᠬᠦᠮᠦᠨ ᠮᠠᠰᠢ ᠶᠡᠬᠡ ᠰᠲ᠋ᠷᠸᠰᠰ ᠲᠦ ᠠᠪᠲᠠᠵᠦ ᠣᠯᠠᠮ ‍ᠶᠢᠡᠷ ᠰᠡᠳᠬᠢᠯ ‍ᠶᠢᠡᠷ ᠣᠨᠠᠬᠤ ᠂ ᠠᠷᠢᠬᠢ ᠂ ᠮᠠᠩᠰᠢᠭᠤᠷᠠᠬᠤ ᠲᠦᠷᠦᠯ ‍ᠤᠨ ᠪᠤᠳᠠᠰ ᠲᠦ ᠳᠣᠩᠳᠠᠬᠣ ᠂ ᠰᠡᠳᠭᠢᠯ ᠭᠣᠲᠣᠷᠠᠯ ᠳ᠋ᠦ ᠣᠷᠤᠵᠤ ᠂ ᠮᠡᠳᠡᠷᠡᠯ ‍ᠤᠨ ᠶᠠᠳᠠᠷᠠᠭᠠᠨ ᠳ᠋ᠦ ᠣᠷᠣᠬᠣ ᠡᠷᠡᠰᠳᠡᠯ ᠲᠠᠢ ᠃ ᠬᠡᠳᠦ ᠶᠡᠬᠡ ᠰᠡᠳᠭᠢᠯ ᠦᠨ ᠳᠠᠷᠤᠭᠠᠰᠤ ᠲᠠᠢ ᠪᠠᠶᠢᠬᠤ ᠨᠢ ᠰᠡᠳᠬᠢᠴᠡ ‍ᠶᠢᠨ ᠡᠮᠭᠡᠭ ᠲᠠᠢ ᠪᠤᠯᠬᠤ ᠳ᠋ᠦ ᠨᠦᠯᠦᠭᠡᠯᠡᠨ᠎ᠡ ᠃ ᠰᠣᠳᠣᠯᠭᠠᠨ ᠡᠴᠡ ᠬᠠᠷᠠᠬᠣ ᠳ᠋ᠦ ᠮᠡᠳᠡᠷᠡᠯ ‍ᠤᠨ ᠶᠠᠳᠠᠷᠠᠭ᠎ᠠ ᠲᠤᠰᠤᠭᠠᠳ ᠣᠷᠳᠤ ᠬᠤᠭᠤᠴᠠᠭᠠᠨ ᠳ᠋ᠦ ᠲᠤᠰᠠᠯᠠᠮᠵᠢ ᠠᠪᠬᠣ ᠦᠭᠡᠢ ᠶᠠᠪᠤᠪᠠᠯ ᠲᠠᠪᠢᠯᠠᠩ ᠮᠠᠭᠤ ᠲᠠᠢ ᠪᠠᠶᠢᠳᠠᠭ ᠃ ᠠᠮᠸᠷᠢᠺᠠ ᠳ᠋ᠦ ᠮᠡᠳᠡᠷᠡᠯ ‍ᠤᠨ ᠶᠠᠳᠠᠷᠠᠭᠠᠨ ᠳ᠋ᠦ ᠣᠷᠤᠭᠰᠠᠨ ᠭᠤᠷᠪᠠᠨ ᠬᠦᠮᠦᠨ ‍ᠥ ᠨᠢᠭᠡ ᠨᠢ ᠠᠮᠢ ᠪᠡᠨ ᠬᠤᠣᠷᠯᠠᠬᠤ ᠂ ᠣᠰᠤᠯ ᠳ᠋ᠦ ᠣᠷᠣᠬᠣ ᠵᠡᠷᠭᠡ ᠪᠡᠷ ᠵᠠᠭᠤᠷᠠᠲᠤ ᠪᠡᠷ ᠨᠠᠰᠤ ᠪᠠᠷᠠᠵᠦ ᠪᠠᠶᠢᠭ᠎ᠠ ᠨᠢ ᠰᠤᠳᠤᠯᠭ᠎ᠠ ᠪᠡᠷ ᠲᠤᠭᠲᠠᠭᠠᠭᠳᠠᠭᠰᠠᠨ ᠪᠠᠶᠢᠳᠠᠭ ᠃ ᠰᠲ᠋ᠷᠸᠰᠰ ᠭᠡᠳᠡᠭ ᠪᠤᠯ ᠪᠢᠳᠡᠨ ‍ᠥ ᠲᠠᠷᠢᠬᠢᠨ ᠳ᠋ᠦ ᠢᠷᠡᠵᠦ ᠪᠠᠶᠢᠭ᠎ᠠ ᠳᠠᠷᠤᠮᠲᠠ ᠶᠤᠮ  ᠃ ᠶᠡᠬᠡᠪᠴᠢᠯᠡᠨ ᠰᠡᠳᠭᠢᠯ ᠪᠤᠶᠤ ᠳᠠᠷᠢᠬᠢ ᠶᠠᠳᠠᠷᠠᠭᠰᠠᠨ ᠡᠴᠠ ᠮᠡᠳᠡᠷᠡᠯ ‍ᠤᠨ ᠶᠠᠳᠠᠷᠠᠭ᠎ᠠ ᠪᠤᠯᠳᠠᠭ ᠃ ᠳᠠᠷᠢᠬᠢ ᠶᠠᠳᠠᠷᠠᠨ᠎ᠠ ᠭᠡᠰᠡᠨ ᠣᠶᠢᠯᠠᠭᠠᠯᠲᠠ ᠨᠢ ᠶᠠᠮᠠᠷ ᠨᠢᠭᠡ ᠠᠰᠠᠭᠤᠳᠠᠯ ᠵᠢᠡᠨ ᠰᠢᠢᠳᠴᠦ ᠴᠢᠳᠠᠬᠤ ᠦᠭᠡᠢ ᠦᠶ᠎ᠡ ᠳ᠋ᠦ ᠯᠠ ᠶᠠᠳᠠᠷᠠᠵᠤ ᠪᠠᠶᠢᠭ᠎ᠠ ᠶᠤᠮ ᠃ ᠳᠠᠷᠢᠬᠢ ᠲᠢᠭ ᠵᠢᠷᠤᠮ ᠳ᠋ᠦ ᠳᠣᠷᠠᠲᠠᠢ ᠂ ᠲᠢᠭ ᠵᠢᠷᠤᠮ ᠵᠦᠷᠢᠴᠡᠭᠳᠡᠬᠦ ᠶᠤᠮ ᠪᠤᠯ ᠠᠶᠤᠯ ‍ᠤᠨ ᠳᠣᠬᠢᠶ᠎ᠠ ᠭᠠᠷᠴᠤ ᠢᠷᠡᠭᠡᠳ ᠰᠲ᠋ᠷᠸᠰᠰ ᠪᠤᠯᠵᠤ ᠬᠤᠪᠢᠷᠠᠵᠦ ᠪᠠᠶᠢᠭ᠎ᠠ ᠶᠤᠮ  ᠃  

ᠰᠡᠳᠬᠢᠭᠳᠡᠯ ᠦᠯᠡᠳᠡᠭᠡᠬᠦ