《ᠤᠶᠠᠬᠠᠨ  ᠽᠠᠮᠪᠤᠲ᠋ᠢᠪ ᠦᠨ ᠨᠠᠷᠠᠨ ᠳᠣᠣᠷ᠎ᠠ》 ᠨᠣᠮ ᠪᠦᠲᠦᠭᠡᠪᠡ   | News.MN

《ᠤᠶᠠᠬᠠᠨ  ᠽᠠᠮᠪᠤᠲ᠋ᠢᠪ ᠦᠨ ᠨᠠᠷᠠᠨ ᠳᠣᠣᠷ᠎ᠠ》 ᠨᠣᠮ ᠪᠦᠲᠦᠭᠡᠪᠡ  

ᠳᠤᠮᠳᠠᠭᠤᠪᠢ ᠠᠶᠢᠮᠠᠭ ᠤᠨ ᠲᠥᠪ ᠬᠠᠯᠬ᠎ᠠ ᠶᠢᠨ ᠳᠠᠭᠤᠯᠠᠯᠲᠤ ᠵᠦᠴᠦᠭᠡ ᠶᠢᠨ ᠲᠢᠶᠠᠲ᠋ᠷ ᠠᠴᠠ ᠰᠤᠶᠤᠯ ᠤᠷᠠᠯᠢᠭ ᠤᠨ ᠪᠠᠶᠢᠭᠤᠯᠤᠯᠭ᠎ᠠ ᠨᠤᠭᠤᠳ ᠤᠨ 80 ᠵᠢᠯ ᠦᠨ ᠲᠡᠦᠬᠡ ᠶᠢ ᠡᠮᠬᠢᠳᠬᠡᠨᠤᠶᠠᠬᠠᠨ ᠽᠠᠮᠪᠤᠲ᠋ᠢᠪ  ᠦᠨ ᠨᠠᠷᠠᠨ ᠳᠣᠣᠷ᠎ᠠᠨᠣᠮ ᠪᠦᠲᠦᠭᠡᠵᠦ᠂ ᠰᠤᠶᠤᠯ ᠤᠷᠠᠯᠢᠭ ᠢ ᠬᠥᠭᠵᠢᠭᠦᠯᠦᠨ᠂ ᠳᠠᠭᠤᠤ ᠬᠤᠭᠤᠷ᠂ ᠥᠪ ᠰᠤᠶᠤᠯ ᠢ ᠲᠡᠭᠡᠭᠡᠵᠦ᠂ ᠥᠨᠥ ᠴᠠᠭ ᠲᠤ ᠲᠦᠭᠦᠴᠢᠭᠡᠯᠡᠭᠰᠡᠨ ᠦᠶ᠎ᠡ ᠦᠶ᠎ᠡ ᠶᠢᠨ ᠤᠳᠤᠷᠢᠳᠤᠭᠴᠢ᠂  ᠠᠪᠢᠶᠠᠰᠲᠠᠳ ᠤᠨ ᠲᠡᠦᠬᠡᠨ ᠵᠠᠮᠨᠠᠯ ᠢ ᠲᠣᠯᠢᠯᠠᠭᠤᠯᠵᠠᠢ᠃ ᠨᠣᠮ ᠢ ᠣ᠊ ∙ ᠭᠣᠨᠴᠣᠭᠰᠦ᠋ᠷᠦᠩ᠂ ᠠ᠊ ∙  ᠳᠠᠸᠠᠨᠢᠮ᠎ᠠ ᠨᠠᠷ ᠡᠮᠬᠢᠳᠬᠡᠵᠦ᠂ ᠳ ∙ ᠳᠣᠷᠵᠢᠰᠦ᠋ᠷᠦᠩ ᠵᠥᠪᠯᠡᠬᠦ ᠪᠡᠷ ᠠᠵᠢᠯᠯᠠᠭᠰᠠᠨ ᠪᠠᠶᠢᠨ᠎ᠠ᠃   

ᠡᠨᠡ ᠬᠦ ᠨᠣᠮ ᠠᠴᠠ ᠲᠤᠰ ᠠᠶᠢᠮᠠᠭ ᠲᠤ ᠤᠯᠠᠭᠠᠨ ᠭᠡᠷ ᠡᠴᠡ ᠮᠠᠨᠳᠤᠭᠰᠠᠨ ᠬᠠᠯᠬ᠎ᠠ ᠶᠢᠨ ᠳᠠᠭᠤᠯᠠᠯ ᠪᠤᠶᠤ ᠤᠯᠠᠭᠠᠨ ᠭᠡᠷ᠂ ᠺᠯᠦ᠋ᠪ ᠡᠴᠡ ᠲᠥᠪ ᠬᠠᠯᠬ᠎ᠠ ᠶᠢᠨ ᠳᠠᠭᠤᠯᠠᠯᠲᠤ ᠵᠦᠴᠦᠭᠡ ᠶᠢᠨ ᠲᠢᠶᠠᠲ᠋ᠷ ᠪᠣᠯᠤᠨ ᠬᠥᠭᠵᠢᠭᠰᠡᠨ ᠤᠷᠠᠯᠢᠭ ᠤᠨ ᠲᠡᠦᠬᠡ᠂ ᠺᠢᠨᠤ᠋ ᠶᠢᠨ ᠰᠠᠯᠪᠤᠷᠢ᠂ ᠨᠣᠮ ᠤᠨ ᠰᠠᠩ᠂ ᠨᠣᠮ ᠤᠨ ᠬᠤᠳᠠᠯᠳᠤᠭ᠎ᠠ᠂ ᠤᠷᠠᠴᠤᠳ ᠤᠨ ᠰᠠᠯᠪᠤᠷᠢ᠂ ᠮᠦᠽᠧᠢ᠂ ᠭᠡᠷᠡᠯ ᠵᠢᠷᠤᠭ ᠤᠨ ᠰᠠᠯᠪᠤᠷᠢ ᠡᠭᠦᠰᠦᠭᠰᠡᠨ ᠲᠡᠦᠬᠡ᠂ ᠪᠠᠢᠭᠠᠯᠢ ᠶᠢᠨ ᠦᠵᠡᠰᠬᠦᠯᠡᠩᠲᠦ ᠭᠠᠵᠠᠷ ᠶᠡᠬᠡ ᠭᠠᠵᠠᠷ ᠤᠨ ᠴᠢᠯᠠᠭᠤᠨ ᠤ ᠠᠭᠤᠯᠠᠨ  ᠳ᠋ᠠᠬᠢᠤᠶᠠᠬᠠᠨ  ᠽᠠᠮᠪᠤᠲ᠋ᠢᠪ ᠦᠨ  ᠦᠨ ᠨᠠᠷᠠᠨ》  ᠪᠠᠢᠭᠠᠯᠢ ᠶᠢᠨ ᠵᠠᠳᠠᠭᠠᠢ ᠲᠢᠶᠠᠲ᠋ᠷ᠂ ᠦᠶ᠎ᠡ ᠶᠢᠨ ᠦᠶ᠎ᠡ ᠳᠦ ᠲᠠᠶᠢᠰᠠᠨ᠎ᠠ ᠠᠮᠢᠯᠠᠭᠰᠠᠨ ᠤᠷᠠᠨ ᠪᠦᠲᠦᠭᠡᠯ᠂ ᠳᠠᠭᠤᠤ ᠬᠤᠭᠤᠷ᠂ ᠥᠪ ᠰᠤᠶᠤᠯ ᠤᠨ ᠥᠯᠥᠭᠡᠢ ᠪᠣᠯᠤᠭᠰᠠᠨ ᠳᠤᠮᠳᠠᠭᠤᠪᠢ ᠠᠶᠢᠮᠠᠭ ᠤᠨ ᠲᠢᠶᠠᠲ᠋ᠷ ᠤᠨ ᠲᠠᠶᠢᠰᠠᠨ ᠠᠴᠠ ᠲᠥᠷᠥᠨ ᠭᠠᠷᠤᠭᠰᠠᠨ ᠠᠯᠳᠠᠷᠲᠠᠳ᠂  ᠠᠪᠢᠶᠠᠰᠲᠠᠳ ᠤᠨ ᠲᠤᠬᠠᠢ ᠲᠣᠯᠢᠳᠠᠬᠤ ᠪᠣᠯᠤᠮᠵᠢ ᠲᠠᠢ᠃ 

ᠰᠡᠳᠬᠢᠭᠳᠡᠯ ᠦᠯᠡᠳᠡᠭᠡᠬᠦ