ᠠᠽᠢᠶ᠎ᠠ ᠶᠢᠨ ᠤᠯᠤᠰ ᠲᠥᠷᠥ ᠶᠢᠨ ᠨᠠᠮ ᠤᠳ ᠤᠨ ᠣᠯᠠᠨ ᠤᠯᠤᠰ ᠤᠨ ᠪᠠᠭ᠎ᠠ ᠬᠤᠷᠠᠯ ᠤᠨ ᠵᠠᠯᠠᠭᠤᠴᠤᠳ ᠤᠨ ᠳᠤᠯᠤᠳᠤᠭᠠᠷ ᠬᠤᠷᠠᠯ ᠥᠨᠥᠳᠥᠷ ᠲᠥᠷᠥ ᠶᠢᠨ ᠣᠷᠳᠣᠨ ᠳᠤ ᠡᠬᠢᠯᠡᠯ᠎ᠡ᠃ ᠬᠤᠷᠠᠯ ᠳᠤ 12 ᠣᠷᠣᠨ ᠤ 17 ᠨᠠᠮ ᠤᠨ ᠲᠥᠯᠥᠭᠡᠯᠡᠯ ᠪᠣᠯᠤᠭᠰᠠᠨ ᠵᠠᠯᠠᠭᠤᠴᠤᠳ ᠬᠦᠷᠦᠯᠴᠡᠨ ᠢᠷᠡᠵᠦ᠂ ᠳᠠᠭᠤ ᠬᠣᠭᠣᠯᠠᠢ ᠪᠠᠨ ᠨᠢᠭᠡᠳᠬᠡᠨ ᠲᠤᠬᠠᠢ ᠶᠢᠨ ᠤᠯᠤᠰ ᠣᠷᠣᠨ ᠲᠡᠳᠦᠢ ᠦᠭᠡᠢ᠂ ᠪᠥᠰᠡ ᠨᠤᠲᠤᠭ ᠲᠤ ᠲᠤᠯᠭᠠᠮᠳᠠᠵᠤ ᠪᠤᠢ ᠠᠰᠠᠭᠤᠳᠠᠯ ᠢᠶᠠᠷ ᠰᠠᠨᠠᠯ ᠰᠤᠯᠢᠯᠴᠠᠬᠤ᠂ ᠡᠩᠬᠡ ᠲᠠᠶᠢᠪᠤᠩ᠂ ᠬᠥᠭᠵᠢᠯ ᠴᠡᠴᠡᠭᠯᠡᠯᠲᠡ ᠶᠢ ᠰᠤᠷᠲᠠᠯᠴᠢᠯᠠᠨ ᠲᠠᠨᠢᠭᠤᠯᠬᠤ ᠶᠤᠮ᠃
《ᠫᠠᠷᠯᠠᠮᠧᠨᠲ ᠳᠠᠬᠢ ᠵᠠᠯᠠᠭᠤᠴᠤᠳ ᠲᠤ ᠪᠢᠳᠡ ᠲᠡᠶᠢᠮᠦ ᠭᠡᠵᠦ ᠬᠡᠯᠡᠨ᠎ᠡ》ᠰᠡᠳᠦᠪ ᠲᠡᠢ ᠬᠤᠷᠠᠯ ᠳᠤ ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ ᠣᠷᠣᠯᠴᠠᠵᠤ ᠦᠭᠡ ᠬᠡᠯᠡᠯ᠎ᠡ᠃ ᠲᠡᠷᠡᠪᠡᠷ᠄ ᠠᠽᠢᠶ᠎ᠠ ᠶᠢᠨ ᠤᠯᠤᠰ ᠲᠥᠷᠥ ᠶᠢᠨ ᠨᠠᠮ ᠤᠳ ᠤᠨ ᠦᠢᠯᠡ ᠠᠵᠢᠯᠯᠠᠭᠠᠨ ᠳᠤ ᠮᠣᠩᠭᠣᠯ ᠠᠷᠠᠳ ᠤᠨ ᠨᠠᠮ 2004 ᠣᠨ ᠠᠴᠠ ᠬᠣᠶᠢᠰᠢ ᠢᠳᠡᠪᠬᠢᠲᠡᠢ ᠣᠷᠣᠯᠴᠠᠵᠤ ᠢᠷᠡᠭᠰᠡᠨ᠃ 2013 ᠣᠨ ᠠᠴᠠ ᠬᠣᠶᠢᠰᠢ ᠲᠤᠰ ᠪᠠᠶᠢᠭᠤᠯᠤᠯᠭ᠎ᠠ ᠶᠢᠨ ᠪᠠᠶᠢᠩᠭᠤ ᠶᠢᠨ ᠬᠣᠷᠢᠶᠠᠨ ᠤ ᠭᠡᠰᠢᠭᠦᠨ ᠢᠶᠡᠷ ᠠᠵᠢᠯᠯᠠᠵᠤ ᠪᠠᠶᠢᠨ᠎ᠠ᠃ ᠴᠢᠨᠠᠭᠰᠢᠳᠠ ᠴᠤ ᠢᠳᠡᠪᠬᠢᠲᠡᠢ ᠣᠷᠣᠯᠴᠠᠵᠤ᠂ ᠤᠯᠤᠰ ᠲᠥᠷᠥ ᠶᠢᠨ ᠨᠠᠮ ᠤᠳ ᠤᠨ ᠲᠥᠯᠦᠪᠰᠢᠯ᠂ ᠰᠢᠨᠡᠴᠢᠯᠡᠯ ᠳᠦ ᠬᠤᠪᠢ ᠨᠡᠮᠡᠷᠢ ᠪᠡᠨ ᠣᠷᠣᠭᠤᠯᠬᠤ ᠳᠤ ᠪᠠᠨ ᠪᠠᠶᠠᠷ ᠲᠠᠢ ᠪᠠᠶᠢᠬᠤ ᠪᠣᠯᠤᠨ᠎ᠠ ᠭᠡᠳ᠂ ᠵᠠᠯᠠᠭᠤ ᠫᠠᠷᠯᠠᠮᠧᠨᠲᠴᠢᠳ ᠤᠨ ᠲᠣᠭ᠎ᠠ ᠶᠢ ᠨᠡᠮᠡᠭᠳᠡᠭᠦᠯᠬᠦ ᠲᠡᠳᠦᠢ ᠦᠭᠡᠢ ᠨᠡᠩ ᠤᠳᠠᠬᠤ ᠦᠭᠡᠢ ᠪᠣᠯᠬᠤ ᠡᠭᠡᠯᠵᠢᠲᠦ ᠰᠣᠩᠭᠣᠭᠤᠯᠢ ᠳᠤ ᠨᠡᠶᠢᠭᠡᠮ ᠤᠨ ᠪᠦᠬᠦ ᠲᠥᠯᠥᠭᠡᠯᠡᠯ ᠢ ᠪᠦᠷᠢᠳᠦᠭᠦᠯᠦᠭᠰᠡᠨ ᠫᠠᠷᠯᠠᠮᠧᠨᠲ ᠪᠠᠶᠢᠭᠤᠯᠬᠤ ᠪᠠᠷ ᠵᠣᠷᠢᠵᠤ ᠪᠠᠶᠢᠭ᠎ᠠ ᠲᠤᠬᠠᠢ ᠪᠣᠯᠤᠨ ᠵᠠᠯᠠᠭᠤᠴᠤᠳ ᠤᠨ ᠤᠯᠤᠰ ᠲᠥᠷᠥ ᠶᠢᠨ ᠣᠷᠣᠯᠴᠠᠭ᠎ᠠ᠂ ᠪᠣᠳᠣᠯᠭ᠎ᠠ᠂ ᠰᠢᠢᠳᠪᠦᠷᠢ ᠳᠦ ᠤᠷᠤᠯᠴᠠᠬᠤ ᠪᠣᠯᠤᠮᠵᠢ ᠶᠢ ᠬᠡᠷᠬᠢᠨ ᠨᠡᠭᠡᠭᠡᠵᠦ ᠪᠤᠢ ᠪᠠᠨ ᠲᠠᠨᠢᠯᠴᠠᠭᠤᠯᠤᠭᠰᠠᠨ ᠶᠤᠮ᠃