ᠳᠤᠷᠤᠨᠠᠳᠤ ᠶᠢᠨ ᠪᠣᠭᠣᠮᠲᠠ ᠨᠤᠭᠤᠳ ᠢᠶᠠᠷ ᠬᠦᠷᠡᠩ ᠨᠡᠭᠦᠷᠡᠰᠦ ᠭᠠᠷᠭᠠᠵᠤ ᠪᠠᠶᠢᠨ᠎ᠠ  | News.MN

ᠳᠤᠷᠤᠨᠠᠳᠤ ᠶᠢᠨ ᠪᠣᠭᠣᠮᠲᠠ ᠨᠤᠭᠤᠳ ᠢᠶᠠᠷ ᠬᠦᠷᠡᠩ ᠨᠡᠭᠦᠷᠡᠰᠦ ᠭᠠᠷᠭᠠᠵᠤ ᠪᠠᠶᠢᠨ᠎ᠠ 

 ᠺᠤᠸᠢᠳ᠋ ᠤᠨ ᠳᠠᠷᠠᠭ᠎ᠠ ᠬᠠᠪᠢᠷᠭ᠎ᠠᠠᠷᠤᠬᠠᠰᠢᠶᠠᠲᠤ ᠶᠢᠨ ᠪᠣᠭᠣᠮᠲᠠ ᠪᠠᠷ ᠠᠩᠬ᠎ᠠ ᠤᠳᠠᠭ᠎ᠠ ᠬᠦᠷᠡᠩ ᠨᠡᠭᠦᠷᠡᠰᠦ ᠭᠠᠷᠭᠠᠭᠰᠠᠨ ᠶᠤᠮ᠃ ᠳᠣᠷᠣᠨᠠᠲᠤ ᠠᠶᠢᠮᠠᠭ ᠤᠷᠳᠤ᠂ ᠬᠤᠢᠳᠤ ᠬᠥᠷᠰᠢ ᠲᠡᠢ ᠬᠢᠯᠢ ᠶᠢᠨ ᠲᠠᠪᠤᠨ ᠪᠣᠭᠣᠮᠲᠠ ᠪᠠᠷ ᠬᠣᠯᠪᠣᠭᠳᠠᠳᠠᠭ᠃ ᠥᠩᠭᠡᠷᠡᠭᠰᠡᠨ ᠣᠨ ᠳᠤ ᠪᠠᠶᠠᠨᠬᠣᠰᠢᠭᠤ ᠪᠣᠭᠣᠮᠲᠠ ᠪᠠᠷ 17230 ᠲᠣᠨ ᠪᠠᠷᠠᠭ᠎ᠠ ᠤᠷᠤᠭᠤᠯᠵᠤ᠂ 4630 ᠲᠣᠨ ᠪᠠᠷᠠᠭ᠎ᠠ ᠭᠠᠷᠭᠠᠵᠠᠢ᠃ ᠲᠡᠭᠦᠨᠴᠢᠯᠡᠨ ᠲᠤᠰ ᠪᠣᠭᠣᠮᠲᠠ ᠪᠠᠷ 569 ᠮᠢᠩᠭᠠᠨ ᠲᠤᠨ ᠭᠠᠵᠠᠷ ᠤᠨ ᠲᠣᠰᠣ᠂ 3400 ᠲᠣᠨ ᠬᠦᠷᠡᠩ ᠨᠡᠭᠦᠷᠡᠰᠦ ᠭᠠᠷᠭᠠᠭᠰᠠᠨ ᠪᠠᠶᠢᠨ᠎ᠠ᠃ 

ᠰᠦᠮᠪᠦᠷ- ᠷᠠᠰᠢᠶᠠᠨ ᠤ ᠪᠣᠭᠣᠮᠲᠠ ᠪᠠᠷ ᠬᠥᠩᠭᠡᠨ ᠪᠯᠣᠺ ᠵᠡᠷᠭᠡ 7 ᠨᠡᠷ᠎ᠡ ᠲᠥᠷᠥᠯ ᠦᠨ ᠪᠠᠷᠠᠭ᠎ᠠ ᠢᠮᠫᠣᠷᠲᠯᠠᠵᠤ᠂ ᠵᠢᠷᠭᠤᠭᠠᠨ ᠮᠢᠩᠭ᠎ᠠ ᠣᠷᠴᠢᠮ ᠲᠡᠮᠦᠷ ᠦᠨ ᠬᠥᠳᠡᠷ ᠭᠠᠷᠭᠠᠭᠰᠠᠨ ᠪᠣᠯ ᠡᠷᠢᠶᠡᠨᠴᠠᠪ ᠤᠨ ᠪᠣᠭᠣᠮᠲᠠ ᠪᠠᠷ А-92 ᠪᠧᠨ᠋ᠽᠢᠨ 33 ᠮᠢᠩᠭᠠᠨ ᠲᠤᠨ᠂ А-95 ᠪᠧᠨ᠋ᠽᠢᠨ 171 ᠮᠢᠩᠭᠠᠨ ᠲᠤᠨ ᠢᠮᠫᠣᠷᠲᠯᠠᠵᠤ᠂ ᠡᠺᠰᠫᠣᠷᠲ ᠲᠤ 16 ᠮᠢᠩᠭᠠᠨ ᠲᠤᠨ ᠬᠠᠷ᠎ᠠ ᠲᠤᠭᠤᠯᠭᠠᠨ ᠤ ᠪᠠᠶᠠᠵᠢᠮᠠᠯ᠂ 56 ᠮᠢᠩᠭ᠎ᠠ ᠭᠠᠷᠤᠢ ᠲᠤᠨ ᠴᠠᠶᠢᠷ ᠤᠨ ᠪᠠᠶᠠᠵᠢᠮᠠᠯ ᠭᠠᠷᠭᠠᠭᠰᠠᠨ ᠭᠡᠵᠦ ᠬᠢᠯᠢ ᠶᠢᠨ ᠪᠣᠭᠣᠮᠲᠠ ᠶᠢᠨ ᠵᠠᠬᠢᠷᠭᠠᠨ ᠠᠴᠠ ᠮᠡᠳᠡᠭᠡᠯᠡᠪᠡ᠃ 

ᠰᠡᠳᠬᠢᠭᠳᠡᠯ ᠦᠯᠡᠳᠡᠭᠡᠬᠦ