ᠲᠥᠭᠥᠷᠢᠭ ᠦᠨ ᠳ᠋ᠣᠯᠯᠠᠷ ᠲᠠᠢ ᠬᠠᠷᠢᠴᠠᠬᠤ ᠬᠠᠩᠰᠢ 59.84 ᠲᠥᠭᠥᠷᠢᠭ ᠢᠶᠡᠷ ᠴᠢᠩᠭᠠᠷᠠᠪᠠ  | News.MN

ᠲᠥᠭᠥᠷᠢᠭ ᠦᠨ ᠳ᠋ᠣᠯᠯᠠᠷ ᠲᠠᠢ ᠬᠠᠷᠢᠴᠠᠬᠤ ᠬᠠᠩᠰᠢ 59.84 ᠲᠥᠭᠥᠷᠢᠭ ᠢᠶᠡᠷ ᠴᠢᠩᠭᠠᠷᠠᠪᠠ 

ᠮᠣᠩᠭᠣᠯ ᠪᠠᠩᠬᠢ ᠠᠴᠠ ᠵᠠᠷᠯᠠᠭᠰᠠᠨ ᠲᠥᠭᠥᠷᠢᠭ ᠦᠨ ᠳ᠋ᠣᠯᠯᠠᠷ ᠲᠠᠢ ᠬᠠᠷᠢᠴᠠᠬᠤ ᠰᠠᠷ᠎ᠠ ᠶᠢᠨ ᠳᠤᠮᠳᠠᠴᠢ ᠬᠠᠩᠰᠢ ᠡᠨᠡ ᠣᠨ ᠤ ᠨᠢᠭᠡᠳᠦᠭᠡᠷ ᠰᠠᠷ᠎ᠠ ᠳᠤ 3407.37 ᠲᠥᠭᠥᠷᠢᠭ ᠪᠣᠯᠵᠤ᠂ ᠡᠮᠦᠨᠡᠬᠢ ᠣᠨ ᠤ ᠮᠥᠨ ᠦᠶ᠎ᠡ ᠶᠢᠨ ᠬᠢ ᠡᠴᠡ 59.84᠂ ᠡᠮᠦᠨᠡᠬᠢ ᠰᠠᠷ᠎ᠠ ᠶᠢᠨ ᠬᠢ ᠠᠴᠠ 13.83 ᠲᠥᠭᠥᠷᠢᠭ ᠢᠶᠡᠷ ᠴᠢᠩᠭᠠᠷᠠᠪᠠ᠃ 

ᠲᠥᠭᠥᠷᠢᠭ ᠦᠨ ᠶᠤᠸᠠᠨ ᠲᠠᠢ ᠬᠠᠷᠢᠴᠠᠬᠤ ᠰᠠᠷ᠎ᠠ ᠶᠢᠨ ᠳᠤᠮᠳᠠᠴᠢ ᠬᠠᠩᠰᠢ ᠥᠩᠭᠡᠷᠡᠭᠰᠡᠨ ᠰᠠᠷ᠎ᠠ ᠳᠤ 475.13 ᠲᠥᠭᠥᠷᠢᠭ ᠪᠣᠯᠵᠤ᠂ ᠡᠮᠦᠨᠡᠬᠢ ᠣᠨ ᠤ ᠮᠥᠨ ᠦᠶ᠎ᠡ  ᠡᠴᠡ 35.27᠂ ᠡᠮᠦᠨᠡᠬᠢ ᠰᠠᠷ᠎ᠠ ᠠᠴᠠ 3.62 ᠲᠥᠭᠥᠷᠢᠭ ᠢᠶᠡᠷ ᠴᠢᠩᠭᠠᠷᠠᠭᠰᠠᠨ ᠪᠠᠶᠢᠨ᠎ᠠ᠃ ᠬᠠᠷᠢᠨ ᠲᠥᠭᠥᠷᠢᠭ ᠦᠨ ᠷᠦᠪᠯᠢ ᠲᠡᠢ ᠬᠠᠷᠢᠴᠠᠬᠤ ᠰᠠᠷ᠎ᠠ ᠶᠢᠨ ᠳᠤᠮᠳᠠᠴᠢ ᠬᠠᠩᠰᠢ ᠡᠨᠡ ᠣᠨ ᠤ ᠨᠢᠭᠡᠳᠦᠭᠡᠷ ᠰᠠᠷ᠎ᠠ ᠳᠤ 38.17 ᠲᠥᠭᠥᠷᠢᠭ ᠪᠣᠯᠵᠤ᠂ ᠡᠮᠦᠨᠡᠬᠢ ᠣᠨ ᠤ ᠮᠥᠨ ᠦᠶ᠎ᠡ ᠶᠢᠨ ᠬᠢ ᠡᠴᠡ 11.61 ᠲᠥᠭᠥᠷᠢᠭ ᠢᠶᠡᠷ ᠴᠢᠩᠭᠠᠷᠠᠵᠠᠢ᠃  

ᠰᠡᠳᠬᠢᠭᠳᠡᠯ ᠦᠯᠡᠳᠡᠭᠡᠬᠦ