ᠠᠽᠢᠶ᠎ᠠ ᠶᠢᠨ  Challenger League  ᠳᠦ ᠮᠣᠩᠭᠣᠯ ᠤᠨ ᠳᠥᠷᠪᠡᠨ ᠪᠠᠭ ᠣᠷᠣᠯᠴᠠᠨ᠎ᠠ  | News.MN

ᠠᠽᠢᠶ᠎ᠠ ᠶᠢᠨ  Challenger League  ᠳᠦ ᠮᠣᠩᠭᠣᠯ ᠤᠨ ᠳᠥᠷᠪᠡᠨ ᠪᠠᠭ ᠣᠷᠣᠯᠴᠠᠨ᠎ᠠ 

《ESL Challenger League Season 47᠄ Asia》ᠲᠡᠮᠡᠴᠡᠭᠡᠨ ᠥᠨᠥᠳᠥᠷ ᠡᠬᠢᠯᠡᠨ᠎ᠡ᠃ ᠵᠢᠷᠭᠤᠳᠤᠭᠠᠷ ᠰᠠᠷ᠎ᠠ ᠶᠢᠨ 16  ᠢ ᠳᠠᠭᠤᠰᠲᠠᠯ᠎ᠠ ᠦᠷᠭᠦᠯᠵᠢᠯᠡᠬᠦ《Challenger League》 ᠤᠨ ᠠᠽᠢᠶ᠎ᠠ ᠶᠢᠨ ᠪᠥᠰᠡ ᠡᠨᠡ ᠵᠢᠯ ᠡᠴᠡ ᠨᠣᠮᠣᠬᠠᠨ ᠳᠠᠯᠠᠢ ᠶᠢᠨ ᠪᠥᠰᠡ ᠡᠴᠡ ᠰᠠᠯᠵᠤ ᠲᠤᠰ ᠲᠤ ᠪᠠᠨ ᠵᠣᠬᠢᠶᠠᠭᠳᠠᠬᠤ ᠪᠣᠯᠤᠭᠰᠠᠨ ᠪᠥᠭᠡᠳ ᠠᠽᠢᠶ᠎ᠠ ᠶᠢᠨ ᠰᠢᠯᠢᠳᠡᠭ 16 ᠪᠠᠭ ᠲᠣᠭᠣᠷᠢᠭ ᠤᠨ ᠵᠢᠷᠤᠮ ᠢᠶᠠᠷ ᠲᠣᠭᠯᠠᠨ᠎ᠠ᠃ 

 ᠳᠦᠴᠢᠨ ᠳᠤᠯᠤᠳᠤᠭᠠᠷ ᠤᠳᠠᠭ᠎ᠠ ᠶᠢᠨ ᠠᠽᠢᠶ᠎ᠠ ᠶᠢᠨ Challenger League  ᠳᠦ ᠮᠣᠩᠭᠣᠯ ᠤᠨ ᠳᠥᠷᠪᠡᠨ ᠪᠠᠭ ᠣᠷᠣᠯᠴᠠᠨ᠎ᠠ᠃ ᠲᠣᠳᠣᠷᠠᠭᠤᠯᠪᠠᠯ᠂ ᠥᠩᠭᠡᠷᠡᠭᠰᠡᠨ ᠤᠯᠠᠷᠢᠯ ᠳᠤ ᠠᠪᠤᠷᠭᠤᠯᠠᠵᠤ ᠳᠥᠷᠪᠡᠳᠦᠭᠡᠷ ᠰᠠᠷ᠎ᠠ ᠳᠤ ᠪᠣᠯᠬᠤ 《ESL Pro League Season 19》  ᠤᠨ ᠡᠷᠬᠡ ᠠᠪᠤᠭᠰᠠᠨ 《The MongolZ》᠂ ᠥᠩᠭᠡᠷᠡᠭᠰᠡᠨ ᠵᠢᠯ  ᠳᠤᠯᠤᠳᠤᠭᠠᠷ ᠪᠠᠶᠢᠷᠢ ᠶᠢ ᠡᠵᠡᠯᠡᠭᠰᠡᠨ 《ATOX Esports》᠂  ᠠᠷᠪᠠᠳᠤᠭᠠᠷ ᠪᠠᠶᠢᠷᠢ 《Clutch Gaming》 ᠪᠣᠯᠤᠨ 《S46 Relegation》 ᠡᠴᠡ ᠡᠷᠬᠡ ᠪᠡᠨ ᠠᠪᠤᠭᠰᠠᠨ 《The QUBE Esports》ᠪᠠᠭ ᠪᠠᠭᠲᠠᠵᠤ ᠪᠠᠶᠢᠨ᠎ᠠ᠃ 

ᠰᠡᠳᠬᠢᠭᠳᠡᠯ ᠦᠯᠡᠳᠡᠭᠡᠬᠦ