2023 ᠣᠨ ᠤ ᠨᠠᠮᠤᠷ ᠤᠨ ᠴᠢᠭᠤᠯᠭᠠᠨ ᠢᠶᠠᠷ 224 ᠬᠠᠤᠯᠢ ᠂ 62 ᠲᠣᠭᠲᠠᠭᠠᠯ  ᠪᠠᠲᠤᠯᠠᠵᠠᠢ  | News.MN

2023 ᠣᠨ ᠤ ᠨᠠᠮᠤᠷ ᠤᠨ ᠴᠢᠭᠤᠯᠭᠠᠨ ᠢᠶᠠᠷ 224 ᠬᠠᠤᠯᠢ ᠂ 62 ᠲᠣᠭᠲᠠᠭᠠᠯ  ᠪᠠᠲᠤᠯᠠᠵᠠᠢ 

ᠤᠯᠤᠰ ᠤᠨ ᠶᠡᠬᠡ᠎ ᠬᠤᠷᠠᠯ ᠤᠨ ᠨᠠᠮᠤᠷ ᠤᠨ ᠴᠢᠭᠤᠯᠭᠠᠨ ᠦᠨᠳᠦᠰᠦᠨ ᠬᠠᠤᠯᠢ ᠳᠤ ᠵᠢᠭᠠᠭᠰᠠᠨ ᠤ ᠳᠠᠭᠠᠤ ᠠᠵᠢᠯ ᠤᠨ 75 ᠬᠣᠨᠤᠭ ᠬᠤᠷᠠᠯᠳᠤᠵᠤ ᠂ 224 ᠬᠠᠤᠯᠢ ᠂ 62 ᠲᠣᠭᠲᠠᠭᠠᠯ ᠪᠠᠲᠤᠯᠠᠯ᠎ᠠ ᠃   

      ᠤᠯᠤᠰ ᠤᠨ ᠶᠡᠬᠡ᠎ ᠬᠤᠷᠠᠯ ᠤᠨ ᠳᠠᠷᠤᠭ᠎ᠠ  ᠭᠽᠠᠨᠳᠠᠨᠰᠢᠲᠠᠷ᠎ᠠ ᠴᠢᠭᠤᠯᠭᠠᠨ ᠢ ᠬᠠᠭᠠᠵᠤ ᠬᠡᠯᠡᠭ᠍ᠰᠡᠨ ᠦᠭᠡᠨ ᠳᠡᠬᠡᠨ ᠨᠠᠮᠤᠷ ᠤᠨ ᠴᠢᠭᠤᠯᠭᠠᠨ ᠪᠦᠬᠦᠯᠢ ᠳᠡᠬᠡᠨ ᠰᠢᠨᠡᠳᠬᠡᠯ ᠦᠨ ᠴᠢᠭᠤᠯᠭᠠᠨ ᠪᠣᠯᠣᠭᠰᠠᠨ ᠃ ᠤᠯᠤᠰ ᠤᠨ ᠶᠡᠬᠡ ᠬᠤᠷᠠᠯ 3 D ᠫᠠᠷᠯᠠᠮᠸᠨ᠋ᠲ ᠪᠤᠶᠤ ᠠᠷᠠᠳᠴᠢᠯᠠᠭᠰᠠᠨ ᠂ ᠠᠷᠡᠦᠠ ᠢᠷᠭᠡᠳ ᠲᠠᠢ ᠪᠠᠨ ᠵᠥᠪᠯᠡᠯᠳᠦᠳᠡᠭ  ᠴᠠᠬᠢᠮ ᠫᠠᠷᠯᠠᠮᠸᠨ᠋ᠲ ᠪᠣᠯᠬᠤ ᠵᠣᠷᠢᠯᠲᠠ ᠪᠠᠨ ᠬᠡᠷᠡᠭ᠍ᠵᠢᠭᠦᠯᠵᠦ ᠠᠵᠢᠯᠯᠠᠯ᠎ᠠ 

  ᠫᠠᠷᠯᠠᠮᠧᠨ᠋ᠲ ᠤᠨ ᠳᠠᠷᠬᠠᠯᠠᠭ᠎ᠠ ᠶᠢ ᠰᠤᠯᠠᠷᠠᠭᠤᠯᠵᠤ ᠪᠣᠯᠬᠤ ᠦᠭᠡᠢ ᠭᠡᠳᠡᠭ ᠢ ᠲᠥᠷᠦ ᠵᠠᠰᠠᠭ ᠤᠨ ᠪᠠᠢᠭᠤᠯᠤᠯᠭ᠎ᠠ ᠶᠢᠨ ᠠᠯᠪᠠᠨ ᠲᠤᠰᠢᠶᠠᠯᠲᠠᠨ ᠪᠦᠷ ᠪᠣᠳᠣᠯᠴᠡᠬᠤ ᠶᠣᠰᠤᠲᠠᠶ᠃ ᠦᠨᠳᠦᠰᠦᠨ ᠬᠠᠤᠯᠢ ᠶᠢᠨ ᠨᠡᠮᠡᠯᠲᠡ ᠥᠭᠡᠷᠡᠴᠢᠯᠡᠯᠲᠡ ᠶᠢ ᠠᠮᠢᠯᠠᠭᠤᠯᠬᠤ᠂ ᠲᠣᠭᠲᠠᠯᠴᠠᠭᠠᠨ ᠤ ᠲᠣᠮᠤᠬᠠᠨ ᠥᠭᠡᠷᠡᠴᠢᠯᠡᠯᠲᠡ ᠶᠢ ᠬᠥᠷᠥᠰᠥᠨ ᠳᠤ ᠪᠠᠭᠤᠯᠭᠠᠬᠤ ᠮᠠᠰᠢ ᠴᠢᠬᠤᠯᠠ ᠰᠣᠩᠭᠣᠭᠤᠯᠢ ᠶᠢᠨ ᠵᠢᠯ ᠡᠬᠢᠯᠡᠵᠦ ᠪᠡᠢ᠍ᠢᠨ᠎ᠡ ᠃ ᠨᠡᠢᠭᠡᠮ ᠂ ᠴᠡᠬ ᠦᠶ᠎ᠡ ᠶᠢᠨ ᠰᠣᠷᠢᠯᠲᠠ ᠳᠤ ᠲᠡᠩᠴᠡᠵᠦ ᠂ ᠦᠶᠯᠡᠳᠦᠯ ᠂ ᠦᠶᠯᠡ ᠬᠡᠷᠡᠭ ᠪᠦᠷ ᠲᠤ ᠮᠠᠩᠯᠠᠢᠯᠠᠭ᠌ᠴᠢ ᠪᠠᠢᠭᠠᠷᠠᠢ ᠭᠡᠵᠦ ᠭᠡᠰᠢᠭᠦᠳ ᠲᠦ ᠵᠠᠬᠢᠯ᠎ᠠ ᠃ 

ᠰᠡᠳᠬᠢᠭᠳᠡᠯ ᠦᠯᠡᠳᠡᠭᠡᠬᠦ