ᠤᠯᠤᠰ ᠤᠨ ᠶᠡᠬᠡ ᠬᠤᠷᠠᠯ ᠤᠨ ᠨᠠᠮᠤᠷ ᠤᠨ ᠴᠢᠭᠤᠯᠭᠠᠨ ᠦᠨᠳᠦᠰᠦᠨ ᠬᠠᠤᠯᠢ ᠳᠤ ᠵᠢᠭᠠᠭᠰᠠᠨ ᠤ ᠳᠠᠭᠠᠤ ᠠᠵᠢᠯ ᠤᠨ 75 ᠬᠣᠨᠤᠭ ᠬᠤᠷᠠᠯᠳᠤᠵᠤ ᠂ 224 ᠬᠠᠤᠯᠢ ᠂ 62 ᠲᠣᠭᠲᠠᠭᠠᠯ ᠪᠠᠲᠤᠯᠠᠯ᠎ᠠ ᠃
ᠤᠯᠤᠰ ᠤᠨ ᠶᠡᠬᠡ ᠬᠤᠷᠠᠯ ᠤᠨ ᠳᠠᠷᠤᠭ᠎ᠠ ᠭ∙ ᠽᠠᠨᠳᠠᠨᠰᠢᠲᠠᠷ᠎ᠠ ᠴᠢᠭᠤᠯᠭᠠᠨ ᠢ ᠬᠠᠭᠠᠵᠤ ᠬᠡᠯᠡᠭ᠍ᠰᠡᠨ ᠦᠭᠡᠨ ᠳᠡᠬᠡᠨ᠄ ᠨᠠᠮᠤᠷ ᠤᠨ ᠴᠢᠭᠤᠯᠭᠠᠨ ᠪᠦᠬᠦᠯᠢ ᠳᠡᠬᠡᠨ ᠰᠢᠨᠡᠳᠬᠡᠯ ᠦᠨ ᠴᠢᠭᠤᠯᠭᠠᠨ ᠪᠣᠯᠣᠭᠰᠠᠨ ᠃ ᠤᠯᠤᠰ ᠤᠨ ᠶᠡᠬᠡ ᠬᠤᠷᠠᠯ 3 D ᠫᠠᠷᠯᠠᠮᠸᠨ᠋ᠲ ᠪᠤᠶᠤ ᠠᠷᠠᠳᠴᠢᠯᠠᠭᠰᠠᠨ ᠂ ᠠᠷᠡᠦᠠ ᠢᠷᠭᠡᠳ ᠲᠠᠢ ᠪᠠᠨ ᠵᠥᠪᠯᠡᠯᠳᠦᠳᠡᠭ ᠴᠠᠬᠢᠮ ᠫᠠᠷᠯᠠᠮᠸᠨ᠋ᠲ ᠪᠣᠯᠬᠤ ᠵᠣᠷᠢᠯᠲᠠ ᠪᠠᠨ ᠬᠡᠷᠡᠭ᠍ᠵᠢᠭᠦᠯᠵᠦ ᠠᠵᠢᠯᠯᠠᠯ᠎ᠠ ᠁
ᠫᠠᠷᠯᠠᠮᠧᠨ᠋ᠲ ᠤᠨ ᠳᠠᠷᠬᠠᠯᠠᠭ᠎ᠠ ᠶᠢ ᠰᠤᠯᠠᠷᠠᠭᠤᠯᠵᠤ ᠪᠣᠯᠬᠤ ᠦᠭᠡᠢ ᠭᠡᠳᠡᠭ ᠢ ᠲᠥᠷᠦ ᠵᠠᠰᠠᠭ ᠤᠨ ᠪᠠᠢᠭᠤᠯᠤᠯᠭ᠎ᠠ ᠶᠢᠨ ᠠᠯᠪᠠᠨ ᠲᠤᠰᠢᠶᠠᠯᠲᠠᠨ ᠪᠦᠷ ᠪᠣᠳᠣᠯᠴᠡᠬᠤ ᠶᠣᠰᠤᠲᠠᠶ᠃ ᠦᠨᠳᠦᠰᠦᠨ ᠬᠠᠤᠯᠢ ᠶᠢᠨ ᠨᠡᠮᠡᠯᠲᠡ ᠥᠭᠡᠷᠡᠴᠢᠯᠡᠯᠲᠡ ᠶᠢ ᠠᠮᠢᠯᠠᠭᠤᠯᠬᠤ᠂ ᠲᠣᠭᠲᠠᠯᠴᠠᠭᠠᠨ ᠤ ᠲᠣᠮᠤᠬᠠᠨ ᠥᠭᠡᠷᠡᠴᠢᠯᠡᠯᠲᠡ ᠶᠢ ᠬᠥᠷᠥᠰᠥᠨ ᠳᠤ ᠪᠠᠭᠤᠯᠭᠠᠬᠤ ᠮᠠᠰᠢ ᠴᠢᠬᠤᠯᠠ ᠰᠣᠩᠭᠣᠭᠤᠯᠢ ᠶᠢᠨ ᠵᠢᠯ ᠡᠬᠢᠯᠡᠵᠦ ᠪᠡᠢ᠍ᠢᠨᠡ ᠃ ᠨᠡᠢᠭᠡᠮ ᠂ ᠴᠡᠬ ᠦᠶ᠎ᠡ ᠶᠢᠨ ᠰᠣᠷᠢᠯᠲᠠ ᠳᠤ ᠲᠡᠩᠴᠡᠵᠦ ᠂ ᠦᠶᠯᠡᠳᠦᠯ ᠂ ᠦᠶᠯᠡ ᠬᠡᠷᠡᠭ ᠪᠦᠷ ᠲᠤ ᠮᠠᠩᠯᠠᠢᠯᠠᠭ᠌ᠴᠢ ᠪᠠᠢᠭᠠᠷᠠᠢ ᠭᠡᠵᠦ ᠭᠡᠰᠢᠭᠦᠳ ᠲᠦ ᠵᠠᠬᠢᠯ᠎ᠠ ᠃