ᠲᠥᠪ ᠪᠠᠩᠬᠢ 17.8 ᠲᠣᠨ ᠦᠨᠡᠲᠦ ᠮᠧᠲ᠋ᠠᠯ ᠬᠤᠳᠠᠯᠳᠤᠨ ᠠᠪᠴᠠᠢ  | News.MN

 ᠲᠥᠪ ᠪᠠᠩᠬᠢ 17.8 ᠲᠣᠨ ᠦᠨᠡᠲᠦ ᠮᠧᠲ᠋ᠠᠯ ᠬᠤᠳᠠᠯᠳᠤᠨ ᠠᠪᠴᠠᠢ 

     ᠮᠣᠩᠭᠣᠯ ᠪᠠᠩᠬᠢ 2023 ᠣᠨ ᠤ 12 ᠳ᠋ᠤᠭᠠᠷ ᠰᠠᠷ᠎ᠠ ᠳᠤ 1795.8 ᠺᠢᠯᠣᠭ᠍ᠷᠠᠮ ᠦᠨᠡᠲᠦ ᠮᠧᠲ᠋ᠠᠯ ᠬᠤᠳᠠᠯᠳᠤᠨ ᠠᠪᠴᠠᠢ ᠃ ᠣᠨ ᠤ ᠡᠬᠢᠨ ᠠᠴᠠ ᠥᠰᠦᠭ᠍ᠰᠡᠨ ᠳ᠋ᠦᠩ ᠢᠶᠡᠷ ᠨᠡᠶᠢᠲᠡ 17.86 ᠲᠣᠨ ᠦᠨᠡᠲᠦ ᠮᠧᠲ᠋ᠠᠯ ᠬᠤᠳᠠᠯᠳᠤᠨ ᠠᠪᠤᠭᠠᠳ ᠪᠡᠢ᠍ᠢᠨ᠎ᠡ ᠃ 

     ᠡᠭᠦᠨ ᠳᠦ ᠳᠠᠷᠬᠠᠨ ᠠᠭᠤᠯᠠ ᠠᠢᠮᠠᠭ ᠲᠤ ᠬᠢ ᠮᠣᠩᠭᠣᠯ ᠪᠠᠩᠬᠢᠨ ᠤ ᠬᠡᠯᠲᠡᠰ 1961.4 ᠺᠢᠯᠣᠭ᠍ᠷᠠᠮ᠂ ᠪᠠᠶᠠᠩᠬᠣᠩᠭᠣᠷ ᠠᠢᠮᠠᠭ ᠲᠤ ᠬᠢ ᠮᠣᠩᠭᠣᠯ ᠪᠠᠩᠬᠢᠨ ᠤ ᠬᠡᠯᠲᠡᠰ 1106.9 ᠺᠢᠯᠣᠭ᠍ᠷᠠᠮ ᠦᠨᠡᠲᠦ ᠮᠧᠲ᠋ᠠᠯ ᠲᠤᠰ ᠲᠤᠰ ᠬᠤᠳᠠᠯᠳᠤᠨ ᠠᠪᠴᠠᠢ ᠃ 2023 ᠣᠨ ᠤ 12 ᠳ᠋ᠤᠭᠠᠷ ᠰᠠᠷ᠎ᠠ ᠳᠤ ᠠᠯᠳᠠ ᠬᠤᠳᠠᠯᠳᠤᠵᠤ ᠠᠪᠬᠤ ᠳᠤᠮᠳᠠᠴᠢ ᠦᠨ᠎ᠡ 223029.83 ᠲᠥᠭᠥᠷᠢᠭ ᠪᠠᠢᠪᠠ ᠃ 

ᠰᠡᠳᠬᠢᠭᠳᠡᠯ ᠦᠯᠡᠳᠡᠭᠡᠬᠦ