ᠮᠣᠩᠭᠣᠯ ᠤᠯᠤᠰ 2023 ᠣᠨ ᠤ ᠮᠠᠯ ᠲᠣᠭᠠᠯᠠᠯᠭ᠎ᠠ ᠶᠢᠨ ᠤᠷᠢᠳᠴᠢᠯᠠᠭᠰᠠᠨ ᠳ᠋ᠦᠩ ᠢᠶᠡᠷ 64.7 ᠰᠠᠶ᠎ᠠ ᠲᠣᠯᠤᠭᠠᠢ ᠮᠠᠯ ᠲᠠᠢ ᠪᠡᠢ᠍ᠢᠨᠡ ᠃ ᠡᠭᠦᠨ ᠠᠴᠠ 29.4 ᠰᠠᠶ᠎ᠠ ᠬᠣᠨᠢ ᠂ 24.6 ᠰᠠᠶ᠎ᠠ ᠢᠮᠠᠭ᠎ᠠ ᠂ 5.4 ᠰᠠᠶ᠎ᠠ ᠦᠬᠡᠷ ᠂ 4.8 ᠰᠠᠶ᠎ᠠ ᠠᠳᠤᠭᠤ ᠂ 473.9 ᠮᠢᠩᠭᠠᠨ ᠲᠡᠮᠡᠭᠡ ᠪᠠᠢᠭ᠎ᠠ ᠶᠢ ᠦᠨᠳᠦᠰᠦᠨ ᠤ ᠰᠲ᠋ᠠᠲ᠋ᠢᠰᠲ᠋ᠢᠺ ᠤᠨ ᠬᠣᠷᠢᠶ᠎ᠠ ᠮᠡᠳᠡᠭᠡᠯᠡᠯ᠎ᠡ ᠃
ᠡᠮᠦᠨᠡᠬᠢ ᠣᠨ ᠲᠠᠢ ᠬᠠᠷᠢᠴᠠᠭᠤᠯᠬᠤ ᠳᠤ ᠬᠣᠨᠢ 3.3 ᠰᠠᠶ᠎ᠠ᠂ ᠢᠮᠠᠭ᠎ᠠ 3 ᠰᠠᠶ᠎ᠠ᠂ ᠦᠬᠡᠷ 162.1 ᠮᠢᠩᠭ᠎ᠠ ᠪᠠᠷ ᠴᠦᠭᠡᠷᠡᠵᠦ ᠂ ᠠᠳᠤᠭᠤ 8.6 ᠮᠢᠩᠭ᠎ᠠ ᠂ ᠲᠡᠮᠡᠭᠡ 3.4 ᠮᠢᠩᠭ᠎ᠠ ᠪᠠᠷ ᠲᠤᠰ ᠲᠤᠰ ᠨᠡᠮᠡᠭ᠍ᠳᠡᠵᠡᠢ ᠃