ᠮᠥᠰᠦᠨ ᠳᠦ ᠠᠪᠠᠷᠢᠯᠲᠠ ᠶᠢᠨ ᠲᠠᠮᠢᠷᠴᠢᠨ ᠨ ∙ ᠬᠡᠷᠦᠯᠦᠨ ᠳᠡᠯᠡᠬᠡᠢ ᠶᠢᠨ ᠴᠣᠮᠣ ᠳᠤ ᠲᠦᠷᠦᠭᠦᠯᠡᠯ᠎ᠡ  | News.MN

  ᠮᠥᠰᠦᠨ ᠳᠦ ᠠᠪᠠᠷᠢᠯᠲᠠ ᠶᠢᠨ ᠲᠠᠮᠢᠷᠴᠢᠨ ᠨ ∙ ᠬᠡᠷᠦᠯᠦᠨ ᠳᠡᠯᠡᠬᠡᠢ ᠶᠢᠨ ᠴᠣᠮᠣ ᠳᠤ ᠲᠦᠷᠦᠭᠦᠯᠡᠯ᠎ᠡ 

     ᠪᠦᠭᠦᠳᠡ ᠨᠠᠢᠷᠠᠮᠳᠠᠬᠤ ᠰᠤᠯᠤᠩᠭᠤᠰ ᠤᠯᠤᠰ ᠲᠤ ᠮᠥᠰᠦᠨ ᠳᠦ ᠠᠪᠠᠷᠢᠯᠲᠠ ᠶᠢᠨ ᠳᠡᠯᠡᠬᠡᠢ ᠶᠢᠨ ᠴᠣᠮᠣ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡ ᠰᠠᠷ᠎ᠠ ᠶᠢᠨ 12-14  ᠳᠦ ᠪᠤᠯᠵᠤ᠂ 16 ᠣᠷᠣᠨ ᠤ 88 ᠲᠠᠮᠢᠷᠴᠢᠨ ᠥᠷᠢᠰᠦᠯᠳᠦᠭᠰᠡᠨ ᠶᠤᠮ᠃ ᠮᠠᠨ ᠤ ᠤᠯᠤᠰ ᠠᠴᠠ ᠨ ∙ ᠬᠡᠷᠦᠯᠦᠨ᠂ ᠣ᠊ ∙ ᠰᠠᠶᠢᠬᠠᠨᠵᠢᠷᠭᠠᠯ᠂ ᠴ ∙ ᠮᠠᠨᠳᠤᠬᠤᠪᠠᠶᠠᠷ᠂ ᠨ ∙ ᠰᠡᠯᠡᠩᠭᠡ᠂ ᠪ ∙ ᠪᠠᠶᠠᠷᠮ᠎ᠠ᠂ ᠳ ∙ ᠣᠳᠬᠣᠨᠬᠦᠦ ᠨᠠᠷ ᠣᠷᠣᠯᠴᠠᠵᠤ᠂ ᠨ ∙ ᠬᠡᠷᠦᠯᠦᠨ ᠠᠯᠲᠠᠨ ᠮᠧᠳᠠᠯ ᠬᠦᠷᠲᠡᠯ᠎ᠡ᠃  

ᠮᠣᠩᠭᠣᠯ ᠤᠨ ᠮᠥᠰᠦᠨ ᠳᠦ ᠠᠪᠠᠷᠢᠭᠴᠢᠳ ᠳᠡᠯᠡᠬᠡᠢ ᠶᠢᠨ ᠴᠣᠮᠣ ᠶᠢᠨ ᠲᠡᠮᠡᠴᠡᠭᠡᠨ ᠳᠦ 2012 ᠣᠨ ᠠᠴᠠ ᠠᠩᠬᠠᠯᠠᠨ ᠣᠷᠣᠯᠴᠠᠵᠤ᠂ ᠨ ∙ ᠬᠡᠷᠦᠯᠦᠨ᠂ ᠴ ∙ ᠮᠠᠨᠳᠤᠬᠤᠪᠠᠶᠠᠷ ᠨᠠᠷ ᠬᠦᠷᠡᠯ ᠮᠧᠳᠠᠯ ᠬᠦᠷᠲᠡᠵᠦ ᠪᠠᠶᠢᠪᠠ᠃ 

ᠰᠡᠳᠬᠢᠭᠳᠡᠯ ᠦᠯᠡᠳᠡᠭᠡᠬᠦ