2023 ᠣᠨ ᠤ ᠳᠡᠯᠡᠬᠡᠢ ᠶᠢᠨ ᠶᠡᠬᠡ ᠵᠢᠷᠭᠤᠭᠠᠨ ᠮᠠᠷᠠᠹᠣᠨ ᠳᠤ ᠮᠣᠩᠭᠣᠯ ᠠᠴᠠ ᠬᠡᠨ ᠬᠡᠨ  ᠭᠦᠶᠦᠪᠡ︖  | News.MN

2023 ᠣᠨ ᠤ ᠳᠡᠯᠡᠬᠡᠢ ᠶᠢᠨ ᠶᠡᠬᠡ ᠵᠢᠷᠭᠤᠭᠠᠨ ᠮᠠᠷᠠᠹᠣᠨ ᠳᠤ ᠮᠣᠩᠭᠣᠯ ᠠᠴᠠ ᠬᠡᠨ ᠬᠡᠨ  ᠭᠦᠶᠦᠪᠡ︖ 

      ᠡᠨᠡ ᠣᠨ ᠤ ᠳᠡᠯᠡᠬᠡᠢ ᠶᠢᠨ ᠶᠡᠬᠡ ᠵᠢᠷᠭᠤᠭᠠᠨ ᠮᠠᠷᠠᠹᠣᠨ ᠳᠤ ᠮᠠᠨ ᠤ ᠤᠯᠤᠰ ᠠᠴᠠ 22 ᠲᠠᠮᠢᠷᠴᠢᠨ ᠣᠷᠣᠯᠴᠠᠵᠠᠢ᠃ ᠲᠤᠬᠠᠶᠢᠯᠠᠪᠠᠯ᠂  ᠠᠢᠷᠯᠠᠨᠳ᠋᠂ ᠠᠮᠧᠷᠢᠺᠠ ᠂ ᠹᠷᠠᠨᠼᠢ᠂ ᠰᠣᠯᠣᠩᠭᠣᠰ ᠵᠡᠷᠭᠡ ᠭᠠᠳᠠᠭᠠᠳᠤ ᠶᠢᠨ ᠤᠯᠤᠰ ᠠᠴᠠ ᠵᠢᠷᠭᠤᠭ᠎ᠠ᠂ ᠤᠯᠠᠭᠠᠨᠪᠠᠭᠠᠲᠤᠷ ᠬᠣᠲᠠ ᠠᠴᠠ ᠳᠣᠯᠣᠭ᠎ᠠ᠂ ᠳᠣᠷᠣᠨᠠᠲᠤ ᠠᠶᠢᠮᠠᠭ ᠠᠴᠠ ᠲᠠᠪᠤ᠂ ᠥᠪᠦᠷᠬᠠᠩᠭᠠᠢ ᠠᠶᠢᠮᠠᠭ ᠠᠴᠠ ᠳᠥᠷᠪᠡᠨ ᠭᠦᠶᠦᠭᠴᠢ ᠬᠤᠷᠳᠤ᠂ ᠬᠦᠴᠦ ᠪᠡᠨ ᠰᠣᠷᠢᠭᠰᠠᠨ ᠪᠠᠶᠢᠨ᠎ᠠ᠃  

ᠲᠡᠳᠡ ᠡᠬᠡ ᠣᠷᠣᠨ ᠢᠶᠠᠨ ᠲᠥᠯᠥᠭᠡᠯᠡᠨ 10᠂ 21᠂ 42 ᠺᠢᠯᠣᠮᠧᠲ᠋ᠷ ᠦᠨ ᠬᠣᠯᠠ ᠶᠢᠨ ᠮᠠᠷᠠᠹᠣᠨ ᠳᠤ ᠭᠦᠶᠦᠵᠦ ᠵᠠᠮ ᠢᠶᠠᠨ ᠠᠮᠵᠢᠯᠲᠠ ᠲᠠᠢ ᠳᠠᠭᠤᠰᠬᠠᠭᠰᠠᠨ ᠪᠥᠭᠡᠳ ᠡᠭᠦᠨ ᠢ ᠨᠢ《MGL Running Channel》 ᠬᠠᠮᠲᠤ ᠣᠯᠠᠨ ᠠᠴᠠ ᠬᠠᠮᠲᠤ ᠳᠤ ᠪᠠᠨ ᠶᠡᠬᠡ ᠵᠢᠷᠭᠤᠭᠠᠨ ᠮᠠᠷᠠᠹᠣᠨ ᠳᠤᠮᠧᠳᠠᠯ ᠢᠶᠠᠷ ᠤᠷᠮᠠᠰᠢᠭᠤᠯᠬᠤ ᠪᠠᠷ ᠪᠣᠯᠵᠠᠢ᠃  ᠲᠤᠰ ᠠᠷᠭ᠎ᠠ ᠬᠡᠮᠵᠢᠶ᠎ᠡ ᠶᠢ 《MGL Running Channel》ᠵᠣᠬᠢᠶᠠᠨ ᠪᠠᠶᠢᠭᠤᠯᠵᠤ᠂ ᠮᠧᠳᠠᠯ ᠢ ᠨᠢ ᠭᠠᠷᠳᠠᠭᠤᠯᠬᠤ ᠠᠵᠡᠢ᠃
 

ᠰᠡᠳᠬᠢᠭᠳᠡᠯ ᠦᠯᠡᠳᠡᠭᠡᠬᠦ