ᠬᠢᠲᠠᠳ ᠤᠨ ᠭᠠᠨᠰᠤ ᠮᠤᠵᠢ ᠳᠤ ᠡᠨᠡ ᠰᠠᠷ᠎ᠠ ᠶᠢᠨ 18 ᠳᠦ 6.2 ᠳᠡᠰ ᠦᠨ ᠬᠦᠴᠦᠲᠡᠢ ᠭᠠᠵᠠᠷ ᠬᠥᠳᠡᠯᠦᠯᠲᠡ ᠪᠣᠯᠤᠭᠰᠠᠨ ᠪᠢᠯᠡ᠃ ᠡᠶᠢᠮᠦ ᠳᠦ ᠳᠡᠯᠡᠬᠡᠢ ᠶᠢᠨ ᠣᠯᠠᠨ ᠤᠯᠤᠰ ᠣᠷᠣᠨ ᠠᠴᠠ ᠬᠠᠨᠳᠢᠪ᠂ ᠲᠤᠰᠠᠯᠠᠮᠵᠢ᠂ ᠤᠳᠤᠷᠢᠳᠤᠯᠭ᠎ᠠ ᠨᠠᠷ ᠠᠴᠠ ᠨᠢ ᠡᠮᠭᠡᠨᠢᠯ ᠢᠷᠡᠭᠦᠯᠦᠭᠰᠡᠨ ᠲᠤᠬᠠᠢ 《China Daily》ᠰᠣᠨᠢᠨ ᠮᠡᠳᠡᠭᠡᠯᠡᠪᠡ᠃ ᠭᠠᠮᠰᠢᠭ ᠲᠤ ᠨᠡᠷᠪᠡᠭᠳᠡᠭᠰᠡᠨ ᠬᠦᠮᠦᠰ ᠲᠦ ᠲᠤᠰᠠᠯᠠᠬᠤ ᠪᠠᠷ ᠬᠠᠨᠳᠢᠪ ᠢᠯᠡᠭᠡᠭᠰᠡᠨ ᠣᠷᠣᠨ ᠤ ᠲᠣᠭᠠᠨ ᠳᠤ ᠮᠣᠩᠭᠣᠯ ᠤᠯᠤᠰ ᠪᠠᠭᠲᠠᠭᠰᠠᠨ ᠢ ᠲᠤᠰ ᠮᠡᠳᠡᠭᠡᠨ ᠳᠦ ᠳᠤᠷᠠᠳᠤᠭᠰᠠᠨ ᠪᠠᠶᠢᠨ᠎ᠠ᠃
ᠮᠥᠨ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠠᠰᠠᠨ ᠪᠠᠨ ᠭᠢ ᠮᠤᠨ ᠤ ᠰᠠᠩ ᠠᠴᠠ ᠨᠢᠭᠡ ᠰᠠᠶ᠎ᠠ ᠶᠤᠸᠠᠨ ᠤᠨ ᠦᠨ᠎ᠡ ᠪᠦᠬᠦᠢ ᠲᠤᠰᠠᠯᠠᠮᠵᠢ ᠶᠢᠨ ᠪᠠᠷᠠᠭ᠎ᠠ ᠬᠦᠯᠢᠶᠡᠵᠦ ᠠᠪᠤᠭᠰᠠᠨ ᠢᠶᠠᠨ ᠤᠯᠠᠮᠵᠢᠯᠠᠭᠰᠠᠨ ᠪᠠᠶᠢᠨ᠎ᠠ᠃ ᠲᠡᠭᠦᠨ ᠦ ᠲᠤᠰᠠᠯᠠᠮᠵᠢ ᠶᠢᠨ ᠡᠬᠢᠨ ᠦ ᠪᠠᠭᠴᠠ ᠨᠢᠮ᠎ᠠ ᠭᠠᠷᠠᠭ ᠲᠤ ᠣᠴᠢᠭᠰᠠᠨ ᠳᠤ ᠲᠦᠷᠭᠡᠨ ᠲᠤᠰᠠᠯᠠᠮᠵᠢ ᠶᠢᠨ ᠪᠦᠲᠦᠭᠡᠭᠳᠡᠬᠦᠨ᠂ ᠠᠮᠠᠨ ᠤ ᠬᠠᠭᠠᠯᠲᠠ᠂ ᠤᠰᠤ᠂ ᠲᠠᠯᠬ᠎ᠠ᠂ ᠪᠡᠯᠡᠨ ᠭᠤᠢᠮᠤᠨ᠂ ᠬᠤᠪᠴᠠᠰᠤ ᠵᠡᠷᠭᠡ ᠪᠠᠢᠪᠠ᠃