ᠯᠧᠪᠷᠣᠨ  ᠵᠠᠢᠮᠰ ᠦᠨ ᠨᠣᠮ ᠬᠤᠳᠠᠯᠳᠤᠭᠠᠨ ᠳᠤ ᠭᠠᠷᠤᠨ᠎ᠠ   | News.MN

ᠯᠧᠪᠷᠣᠨ  ᠵᠠᠢᠮᠰ ᠦᠨ ᠨᠣᠮ ᠬᠤᠳᠠᠯᠳᠤᠭᠠᠨ ᠳᠤ ᠭᠠᠷᠤᠨ᠎ᠠ  

ᠰᠠᠭᠰᠤᠨ ᠪᠥᠮᠪᠥᠭᠡ ᠶᠢᠨ ᠰᠫᠣᠷᠲ ᠤᠨ ᠬᠠᠮᠤᠭ ᠤᠨ ᠠᠭᠤᠤ ᠲᠠᠮᠢᠷᠴᠢᠳ ᠤᠨ ᠨᠢᠭᠡ᠂ᠬᠠᠭᠠᠨᠬᠡᠮᠡᠨ ᠨᠡᠷᠡᠯᠡᠭᠳᠡᠳᠡᠭ ᠯᠧᠪᠷᠣᠨ ᠵᠠᠢᠮᠰ ᠪᠣᠯ ᠰᠫᠣᠷᠲ ᠲᠡᠳᠦᠢ ᠦᠭᠡᠢ ᠠᠮᠢᠳᠤᠷᠠᠯ ᠳᠤ ᠪᠠᠨ ᠴᠤ ᠬᠠᠭᠠᠨ ᠰᠢᠭ᠋ ᠪᠠᠶᠢᠵᠤ ᠴᠢᠳᠠᠳᠠᠭ ᠭᠠᠶᠢᠬᠠᠯᠲᠠᠢ ᠨᠢᠭᠡᠨ᠃ NBA  ᠦᠨ ᠳᠥᠷᠪᠡᠨ ᠤᠳᠠᠭ᠎ᠠ ᠶᠢᠨ ᠠᠪᠤᠷᠭᠤ᠂ ᠣᠯᠢᠮᠫ ᠤᠨ ᠬᠣᠱᠣᠢ ᠠᠪᠤᠷᠭᠤ᠂ ᠪᠦᠬᠦ ᠴᠠᠭ ᠦᠶ᠎ᠡ ᠶᠢᠨ ᠤᠨᠤᠭ᠎ᠠ ᠶᠢᠨ ᠯᠢᠳᠧᠷ ᠲᠡᠷᠡᠪᠡᠷ ᠭᠣᠶᠢᠳᠠ ᠠᠪᠢᠶᠠᠰ ᠲᠠᠢ ᠲᠠᠮᠢᠷᠴᠢᠨ ᠲᠡᠳᠦᠢ ᠦᠭᠡᠢ ᠰᠠᠶᠢᠨ ᠠᠪᠤ᠂  ᠰᠠᠢᠨ ᠬᠦᠦ᠂ ᠰᠠᠶᠢᠨ ᠠᠨᠳᠠ ᠨᠥᠬᠥᠷ᠂ ᠨᠡᠶᠢᠭᠡᠮ ᠤᠨ ᠲᠤᠯᠭᠠᠮᠳᠠᠭᠰᠠᠨ ᠠᠰᠠᠭᠤᠳᠠᠯ ᠳᠤ ᠳᠠᠭᠤ ᠬᠣᠭᠣᠯᠠᠢ ᠪᠠᠨ ᠬᠦᠷᠭᠡᠳᠡᠭ ᠨᠥᠯᠥᠭᠡ ᠲᠡᠢ ᠨᠢᠭᠡᠨ ᠭᠡᠳᠡᠭ ᠢ ᠰᠠᠭᠰᠤᠨ ᠪᠥᠮᠪᠥᠭᠡ ᠰᠣᠨᠢᠷᠬᠠᠭᠴᠢᠳ ᠮᠡᠳᠡᠬᠦ ᠪᠢᠯᠡ᠃
     ᠲᠡᠭᠦᠨ ᠦ ᠰᠡᠳᠬᠢᠯ ᠬᠥᠳᠡᠯᠭᠡᠮ᠎ᠡ ᠲᠡᠦᠬᠡ ᠶᠢ ᠮᠣᠩᠭᠣᠯ ᠤᠨ ᠰᠫᠣᠷᠲ ᠰᠣᠨᠢᠷᠬᠠᠭᠴᠢᠳ ᠡᠬᠡ ᠬᠡᠯᠡ ᠪᠡᠷ ᠢᠶᠡᠨ ᠤᠩᠰᠢᠬᠤ ᠪᠣᠯᠤᠮᠵᠢ ᠲᠠᠢ ᠪᠣᠯᠵᠠᠢ᠃ ᠲᠣᠳᠣᠷᠠᠭᠤᠯᠪᠠᠯ᠂ ᠵᠣᠬᠢᠶᠠᠯᠴᠢ ᠵᠧᠹᠹ  ᠪᠧᠨᠧᠳᠢᠺᠲ ᠦᠨ ᠪᠢᠴᠢᠭᠰᠡᠨᠯᠧᠪᠷᠣᠨᠨᠠᠮᠲᠠᠷᠴᠢᠯᠠᠭᠰᠠᠨ ᠨᠣᠮ ᠢ ᠣᠷᠴᠢᠭᠤᠯᠤᠭᠴᠢ ᠯ∙ ᠤᠭ᠍ᠶᠤ ᠤᠳᠤ ᠡᠬᠡ ᠬᠡᠯᠡᠨ᠎ᠡ ᠬᠥᠷᠪᠡᠭᠦᠯᠦᠨ ᠰᠫᠣᠷᠲ ᠰᠣᠨᠢᠷᠬᠠᠭᠴᠢᠳ ᠲᠤ ᠪᠠᠨ ᠪᠡᠯᠡᠭ ᠪᠠᠷᠢᠵᠤ ᠪᠠᠶᠢᠨ᠎ᠠ᠃

ᠰᠡᠳᠬᠢᠭᠳᠡᠯ ᠦᠯᠡᠳᠡᠭᠡᠬᠦ