ᠯ ∙ ᠤᠶᠤᠡᠡᠷᠳᠡᠨᠢ ᠣᠷᠣᠰ ᠤᠨ ᠵᠠᠰᠠᠭ ᠤᠨ  ᠲᠡᠷᠢᠭᠦᠨ ᠮ∙ᠸ∙ᠮᠢᠱᠤᠰᠲ᠋ᠢᠨ ᠲᠡᠢ ᠤᠲᠠᠰᠤ ᠪᠠᠷ ᠶᠠᠷᠢᠪᠠ  | News.MN

ᠯ ∙ ᠤᠶᠤᠡᠡᠷᠳᠡᠨᠢ ᠣᠷᠣᠰ ᠤᠨ ᠵᠠᠰᠠᠭ ᠤᠨ  ᠲᠡᠷᠢᠭᠦᠨ ᠮ∙ᠸ∙ᠮᠢᠱᠤᠰᠲ᠋ᠢᠨ ᠲᠡᠢ ᠤᠲᠠᠰᠤ ᠪᠠᠷ ᠶᠠᠷᠢᠪᠠ 

       ᠶᠡᠷᠦᠩᠬᠡᠢ ᠰᠠᠶᠢᠳ ᠯ∙ᠤᠶᠤᠡᠡᠷᠳᠡᠨᠢ ᠣᠷᠣᠰ ᠤᠨ ᠬᠣᠯᠪᠣᠭᠠᠨ ᠤ ᠤᠯᠤᠰ ᠤᠨ ᠵᠠᠰᠠᠭ ᠤᠨ ᠭᠠᠵᠠᠷ ᠤᠨ ᠲᠡᠷᠢᠭᠦᠨ ᠮ ∙ ᠸ ∙ ᠮᠢᠱᠤᠰᠲ᠋ᠢᠨ  ᠲᠡᠢ ᠠᠷᠪᠠᠨ ᠬᠣᠶᠠᠳᠤᠭᠠᠷ ᠰᠠᠷ᠎ᠠ ᠶᠢᠨ 14  ᠦ ᠡᠳᠦᠷ ᠤᠲᠠᠰᠤ ᠪᠠᠷ ᠶᠠᠷᠢᠵᠠᠢ᠃ 
       ᠲᠡᠷᠡᠪᠡᠷ ᠣᠷᠣᠰ ᠦᠨ ᠬᠣᠯᠪᠣᠭᠠᠨ ᠤ ᠤᠯᠤᠰ ᠲᠠᠢ ᠢᠵᠢ ᠪᠦᠷᠢᠨ ᠰᠲᠷᠠᠲ᠋ᠧᠭᠢ ᠶᠢᠨ ᠲᠦᠩᠰᠢᠯᠡᠯ ᠳᠦ ᠲᠤᠯᠭᠠᠭᠤᠷᠢᠯᠠᠭᠰᠠᠨ ᠤᠯᠠᠮᠵᠢᠯᠠᠯᠲᠤ ᠨᠠᠶᠢᠷᠰᠠᠭ ᠬᠠᠷᠢᠯᠴᠠᠭ᠎ᠠ ᠶᠢ ᠬᠥᠭᠵᠢᠭᠦᠯᠬᠦ ᠨᠢ ᠮᠣᠩᠭᠣᠯ ᠤᠯᠤᠰ ᠤᠨ ᠭᠠᠳᠠᠭᠠᠳᠤ ᠪᠣᠳᠣᠯᠭ᠎ᠠ ᠶᠢᠨ ᠲᠡᠷᠢᠭᠦᠯᠡᠬᠦ ᠴᠢᠭᠯᠡᠯ ᠪᠣᠯᠬᠤ ᠶᠢ ᠲᠡᠮᠳᠡᠭᠯᠡᠵᠦ᠂ ᠰᠡᠭᠦᠯ ᠦᠨ ᠵᠢᠯ ᠦᠳ ᠲᠦ ᠬᠣᠶᠠᠷ ᠣᠷᠣᠨ ᠤ ᠬᠣᠭᠣᠷᠣᠨᠳᠣ ᠳᠡᠭᠡᠳᠦ᠂ ᠥᠨᠳᠥᠷ ᠲᠦᠪᠰᠢᠨ ᠦ ᠠᠶᠢᠯᠴᠢᠯᠠᠯ᠂ ᠠᠭᠤᠯᠵᠠᠯᠲᠠ ᠨᠤᠭᠤᠳ ᠲᠣᠭᠲᠠᠮᠠᠯᠵᠢᠵᠤ ᠪᠠᠶᠢᠭ᠎ᠠ ᠨᠢ ᠠᠴᠢ ᠬᠣᠯᠪᠣᠭᠳᠠᠯ ᠲᠠᠢ ᠪᠣᠯᠬᠤ ᠶᠢ ᠣᠨᠴᠠᠯᠠᠪᠠ᠃ 
       ᠵᠠᠰᠠᠭ ᠤᠨ ᠭᠠᠵᠠᠷ ᠤᠨ ᠲᠡᠷᠢᠭᠦᠨ ᠨᠠᠷ ᠬᠣᠶᠠᠷ ᠤᠯᠤᠰ ᠤᠨ ᠬᠣᠭᠣᠷᠣᠨᠳᠣ ᠬᠡᠷᠡᠭᠵᠢᠵᠦ ᠪᠤᠢ ᠲᠥᠰᠥᠯ᠂ ᠬᠥᠲᠥᠯᠪᠦᠷᠢ ᠨᠦᠭᠦᠳ ᠦᠨ ᠶᠠᠪᠤᠴᠠ ᠪᠣᠯᠤᠨ ᠴᠠᠭ ᠦᠶ᠎ᠡ ᠶᠢᠨ ᠠᠰᠠᠭᠤᠳᠠᠯ ᠢᠶᠠᠷ ᠳᠡᠯᠭᠡᠷᠡᠩᠭᠦᠢ ᠰᠠᠨᠠᠯ ᠰᠣᠯᠢᠯᠴᠠᠵᠤ᠂ ᠮᠣᠩᠭᠣᠯ᠂ ᠣᠷᠣᠰ ᠤᠨ ᠵᠠᠰᠠᠭ ᠤᠨ ᠭᠠᠵᠠᠷ ᠬᠣᠭᠣᠷᠣᠨᠳᠣ ᠶᠢᠨ ᠺᠣᠮᠢᠰ ᠤᠨ ᠬᠦᠷᠢᠶᠡᠨ ᠳᠦ ᠰᠢᠭᠤᠷᠬᠠᠢ ᠠᠵᠢᠯᠯᠠᠬᠤ ᠲᠠᠯ᠎ᠠ ᠪᠠᠷ ᠰᠠᠨᠠᠯ ᠨᠢᠭᠡᠳᠪᠡ᠃ 
 

ᠰᠡᠳᠬᠢᠭᠳᠡᠯ ᠦᠯᠡᠳᠡᠭᠡᠬᠦ