ᠵᠠᠮ ᠤᠨ-ᠡᠭᠦᠳᠡ ᠪᠣᠭᠣᠮᠲᠠ  24 ᠴᠠᠭ ᠢᠶᠠᠷ ᠠᠵᠢᠯᠯᠠᠨ᠎ᠠ | News.MN

ᠵᠠᠮ ᠤᠨ-ᠡᠭᠦᠳᠡ ᠪᠣᠭᠣᠮᠲᠠ  24 ᠴᠠᠭ ᠢᠶᠠᠷ ᠠᠵᠢᠯᠯᠠᠨ᠎ᠠ

ᠵᠠᠮ ᠤᠨ-ᠡᠭᠦᠳᠡ-ᠡᠷᠢᠶᠡᠨ ᠦ ᠠᠦ᠋ᠲ᠋ᠣ᠋ ᠵᠠᠮ ᠤᠨ ᠪᠣᠭᠣᠮᠲᠠ ᠶᠢᠨ ᠠᠴᠢᠶ᠎ᠠ ᠲᠡᠭᠡᠭᠡᠪᠦᠷᠢ ᠶᠢᠨ ᠬᠡᠰᠡᠭ ᠢ ᠥᠨᠥᠳᠥᠷ ᠡᠴᠡ ᠡᠬᠢᠯᠡᠨ 24 ᠴᠠᠭ ᠤᠨ ᠭᠣᠷᠢᠮ ᠳᠤ ᠰᠢᠯᠵᠢᠭᠦᠯᠦᠯ᠎ᠡ᠃ ᠡᠨᠡ ᠲᠤᠬᠠᠢ ᠮᠣᠩᠭᠣᠯ ᠤᠯᠤᠰ ᠤᠨ ᠰᠠᠶᠢᠳ᠂ ᠪᠣᠭᠣᠮᠲᠠ ᠶᠢᠨ ᠰᠡᠷᠭᠦᠯᠲᠡ ᠶᠢᠨ ᠦᠨᠳᠦᠰᠦᠨ ᠦ ᠬᠣᠷᠢᠶᠠᠨ ᠤ ᠳᠠᠷᠤᠭ᠎ᠠ ᠪ∙ᠲᠤᠯᠭ᠎ᠠ ᠶᠠᠷᠢᠬᠤ ᠳᠤ ᠪᠠᠨᠬᠢᠲᠠᠳ  ᠦᠨ ᠲᠠᠯ᠎ᠠ ᠲᠠᠢ ᠬᠡᠯᠡᠯᠴᠡᠭᠡᠷ ᠬᠢᠭᠰᠡᠨ ᠦ ᠦᠷ᠎ᠡ ᠳ᠋ᠦᠩ ᠳᠦ ᠮᠣᠩᠭᠣᠯ ᠤᠯᠤᠰ ᠲᠤ ᠠᠩᠬ᠎ᠠ ᠤᠳᠠᠭ᠎ᠠ ᠵᠠᠮ ᠤᠨ-ᠡᠭᠦᠳᠡ ᠠᠦ᠋ᠲ᠋ᠣ᠋ ᠵᠠᠮ  ᠤᠨ ᠪᠣᠭᠣᠮᠲᠠ ᠶᠢᠨ ᠠᠴᠢᠶ᠎ᠠ ᠲᠡᠭᠡᠭᠡᠪᠦᠷᠢ ᠶᠢᠨ ᠬᠡᠰᠡᠭ ᠦᠨ ᠤᠷᠤᠰᠬᠠᠯ ᠢ 12 ᠳ᠋ᠤᠭᠠᠷ ᠰᠠᠷ᠎ᠠ ᠶᠢᠨ 16 ᠡᠴᠡ 31  ᠬᠦᠷᠲᠡᠯ᠎ᠡ ᠬᠦᠷᠲᠡᠯ᠎ᠡ 24 ᠴᠠᠭ ᠤᠨ ᠭᠣᠷᠢᠮ ᠳᠤ ᠰᠢᠯᠵᠢᠭᠦᠯᠵᠦ ᠪᠠᠶᠢᠨ᠎ᠠ᠃ ᠲᠤᠷᠰᠢᠯᠲᠠ  ᠠᠮᠵᠢᠯᠲᠠ ᠲᠠᠢ ᠦᠷᠭᠦᠯᠵᠢᠯᠡᠪᠡᠯ ᠠᠴᠢᠶ᠎ᠠ ᠲᠡᠭᠡᠭᠡᠪᠦᠷᠢ ᠶᠢᠨ ᠬᠡᠰᠡᠭ ᠴᠢᠨᠠᠭᠰᠢᠳᠠ 24 ᠴᠠᠭ ᠢᠶᠠᠷ ᠦᠢᠯᠡ ᠠᠵᠢᠯᠯᠠᠭ᠎ᠠ ᠪᠠᠨ ᠶᠠᠪᠤᠭᠤᠯᠬᠤ ᠶᠤᠮ ᠬᠡᠮᠡᠨ ᠣᠨᠴᠠᠯᠠᠪᠠ᠃ 
      ᠵᠠᠮ ᠤᠨ-ᠡᠭᠦᠳᠡ ᠬᠢᠯᠢ ᠶᠢᠨ ᠪᠣᠭᠣᠮᠲᠠ 24 ᠴᠠᠭ ᠤᠨ ᠭᠣᠷᠢᠮ ᠳᠤ ᠰᠢᠯᠵᠢᠭᠰᠡᠨ ᠢᠶᠡᠷ ᠲᠡᠭᠡᠭᠡᠪᠦᠷᠢᠴᠢᠳ ᠦᠨ ᠴᠠᠭ ᠢ ᠬᠡᠮᠨᠡᠬᠦ ᠡᠴᠡ ᠭᠠᠳᠠᠨ᠎ᠠ ᠪᠠᠭᠤᠳᠠᠯ ᠬᠣᠭᠣᠯᠠ᠂ ᠲᠡᠭᠡᠭᠡᠪᠦᠷᠢ ᠶᠢᠨ ᠬᠡᠷᠡᠭᠰᠡᠯ ᠦᠨ ᠬᠣᠨᠣᠭ ᠤᠨ ᠬᠤᠷᠢᠶᠠᠮᠵᠢ ᠭᠡᠬᠦ ᠮᠡᠲᠦ ᠣᠯᠠᠨ ᠵᠠᠷᠤᠳᠠᠯ ᠪᠠᠭᠤᠷᠠᠬᠤ ᠶᠤᠮ ᠪᠠᠶᠢᠨ᠎ᠠ᠃ ᠴᠢᠨᠠᠭᠰᠢᠯᠠᠭᠠᠳ ᠪᠠᠷᠠᠭ᠎ᠠ ᠪᠦᠲᠦᠭᠡᠭᠳᠡᠬᠦᠨ ᠦ ᠦᠨ᠎ᠡ ᠪᠠᠭᠤᠷᠠᠬᠤ ᠪᠣᠯᠤᠮᠵᠢ ᠪᠥᠷᠢᠳᠦᠨ᠎ᠡ ᠭᠡᠳᠡᠭ ᠢ ᠠᠯᠪᠠᠨ ᠤ ᠬᠢᠨ ᠬᠡᠯᠡᠯ᠎ᠡ᠃

ᠰᠡᠳᠬᠢᠭᠳᠡᠯ ᠦᠯᠡᠳᠡᠭᠡᠬᠦ