ᠡᠮᠦᠨᠡᠭᠤᠪᠢ  ᠠᠴᠠ ᠰᠢᠪᠠᠭᠤ ᠲᠥᠰᠲᠦ ᠦᠯᠦᠭ ᠭᠦᠷᠪᠡᠯ ᠦᠨ ᠰᠢᠨ᠎ᠡ ᠲᠦᠷᠦᠯ ᠣᠯᠵᠠᠢ                                                            | News.MN

ᠡᠮᠦᠨᠡᠭᠤᠪᠢ  ᠠᠴᠠ ᠰᠢᠪᠠᠭᠤ ᠲᠥᠰᠲᠦ ᠦᠯᠦᠭ ᠭᠦᠷᠪᠡᠯ ᠦᠨ ᠰᠢᠨ᠎ᠡ ᠲᠦᠷᠦᠯ ᠣᠯᠵᠠᠢ                                                           

ᠫᠠᠯᠧᠣᠨᠲ᠋ᠣᠯᠣᠭᠢᠴᠢᠳ ᠮᠣᠩᠭᠣᠯ ᠤᠨ ᠡᠮᠦᠨᠡᠭᠣᠪᠢ ᠠᠶᠢᠮᠠᠭ ᠤᠨ ᠪᠠᠷᠠᠭᠤᠨ ᠭᠣᠶᠣᠲᠤ ᠭᠡᠳᠡᠭ ᠭᠠᠵᠠᠷ ᠠᠴᠠ ᠰᠢᠪᠠᠭᠤ ᠲᠥᠰᠲᠦ ᠵᠢᠵᠢᠭ ᠦᠯᠭᠡ ᠭᠦᠷᠪᠡᠯ ᠦᠨ ᠪᠦᠲᠦᠨ ᠪᠡᠶ᠎ᠡ ᠶᠢᠨ ᠴᠢᠯᠠᠭᠤᠵᠢᠭᠰᠠᠨ ᠠᠷᠠᠭ ᠶᠠᠰᠤ ᠶᠢ ᠣᠯᠤᠭᠰᠠᠨ ᠲᠤᠬᠠᠢ PLOS One ᠰᠡᠳᠬᠦᠯ ᠳᠦ ᡀᠠᠭᠪᠠ ᠭᠠᠷᠠᠭ ᠲᠤ ᠮᠡᠳᠡᠭᠡᠯᠡᠵᠡᠢ᠃ ᠦᠯᠭᠡ ᠭᠦᠷᠪᠡᠯ ᠦᠨ ᠴᠢᠯᠠᠭᠤᠵᠢᠭᠰᠠᠨ ᠠᠷᠠᠭ ᠶᠠᠰᠤᠨ ᠤ ᠪᠠᠶᠢᠷᠢᠯᠠᠯ ᠠᠴᠠ ᠬᠠᠷᠠᠬᠤ ᠳᠤ ᠲᠣᠯᠣᠭᠠᠢ ᠪᠠᠨ ᠬᠣᠶᠠᠷ ᠬᠥᠯ ᠳᠡᠭᠡᠷ᠎ᠡ ᠪᠡᠨ ᠲᠠᠯᠪᠢᠭᠠᠳ ᠪᠡᠶ᠎ᠡ ᠪᠡᠨ ᠰᠡᠭᠦᠯ ᠢᠶᠡᠷ ᠢᠶᠡᠨ ᠰᠠᠶᠢᠲᠤᠷ ᠣᠷᠢᠶᠠᠵᠤ᠂ ᠲᠠᠪ ᠲᠤᠬ᠎ᠠ ᠲᠠᠢ ᠬᠡᠪᠲᠡᠵᠦ ᠪᠤᠢ ᠨᠢ ᠤᠨᠲᠠᠵᠤ ᠪᠠᠶᠢᠭ᠎ᠠ ᠰᠢᠪᠠᠭᠤ ᠮᠡᠲᠦ ᠬᠠᠷᠠᠭᠳᠠᠨ᠎ᠠ᠃
ᠰᠤᠳᠤᠯᠭᠠᠨ ᠤ ᠪᠠᠭ ᠤᠨ ᠬᠢᠨ ᠡᠭᠦᠨ ᠢ ᠤᠷᠲᠤ ᠰᠡᠭᠦᠯ᠂ ᠤᠷᠲᠤ ᠬᠥᠯ᠂ ᠪᠣᠭᠣᠨᠢ ᠤᠷᠳᠤ ᠮᠥᠴᠡ ᠲᠡᠢ ᠵᠢᠵᠢᠭ ᠲᠧᠷᠣᠫᠣᠳ︵ᠬᠣᠶᠠᠷ ᠬᠥᠯᠲᠡᠢ ᠮᠢᠬᠠᠴᠢᠨ ᠦᠯᠦᠭ ᠭᠦᠷᠪᠡᠯ ᠦᠨ︶ᠲᠥᠷᠥᠯ ᠪᠣᠯᠬᠤ ᠠᠯᠢᠸᠠᠷᠧᠽᠽᠠᠸᠠᠷ ᠭᠡᠵᠦ ᠲᠣᠳᠣᠷᠬᠠᠶᠢᠯᠠᠵᠠᠢ᠃ ᠠᠯᠢᠸᠠᠷᠧᠽᠽᠠᠸᠠᠷ ᠲᠤ ᠨᠢ ᠮᠠᠨᠢᠷᠠᠫᠲ᠋ᠣᠷᠠᠨ ᠬᠡᠮᠡᠬᠦ ᠦᠯᠭᠡ ᠭᠦᠷᠪᠡᠯ ᠦᠨ ᠲᠣᠮᠣᠬᠠᠨ ᠪᠦᠯᠦᠭ ᠲᠦ ᠪᠠᠭᠲᠠᠳᠠᠭ ᠪᠥᠭᠡᠳ ᠲᠡᠳᠡᠨ ᠦ ᠬᠠᠮᠤᠭ ᠤᠨ ᠣᠶᠢᠷ᠎ᠠ ᠶᠢᠨ ᠲᠥᠷᠦᠯ ᠪᠣᠯᠬᠤ ᠰᠢᠪᠠᠭᠤᠳ ᠪᠣᠯᠤᠨ ᠰᠢᠪᠠᠭᠤ ᠲᠥᠰᠲᠦ ᠦᠯᠭᠡ ᠭᠦᠷᠪᠡᠯ ᠦᠳ ᠪᠠᠭᠲᠠᠳᠠᠭ᠃ ᠡᠨᠡ ᠵᠢᠵᠢᠭ ᠠᠯᠢᠸᠠᠷᠧᠽᠽᠠᠸᠠᠷ  ᠤᠨ ᠳᠦᠷᠢ ᠲᠥᠷᠬᠥ ᠨᠢ ᠮᠣᠩᠭᠣᠯ ᠠᠴᠠ ᠣᠯᠳᠠᠭᠰᠠᠨ Sinornithoides youngi ᠪᠣᠯᠤᠨ Mei long ᠪᠤᠰᠤᠳ ᠬᠣᠶᠠᠷ ᠦᠯᠭᠡ ᠭᠦᠷᠪᠡᠯ ᠦᠨ ᠣᠯᠳᠠᠪᠤᠷᠢ ᠲᠠᠢ ᠲᠥᠰᠲᠡᠢ ᠪᠤᠶᠤ ᠤᠨᠲᠠᠵᠤ ᠪᠤᠢ ᠰᠢᠪᠠᠭᠤ ᠰᠢᠭ᠋ ᠳᠦᠷᠢ ᠲᠥᠷᠬᠥ ᠲᠡᠢ ᠪᠠᠶᠢᠯ᠎ᠠ᠃ ᠡᠳᠡᠭᠡᠷ ᠬᠣᠶᠠᠷ ᠣᠯᠳᠠᠪᠤᠷᠢ ᠨᠢ ᠮᠠᠨᠢᠷᠠᠫᠲ᠋ᠣᠷᠠᠨ ᠪᠦᠯᠦᠭ ᠦᠨ ᠥᠭᠡᠷ᠎ᠡ ᠨᠢᠭᠡ ᠲᠥᠷᠦᠯ ᠦᠨ ᠦᠯᠭᠡ ᠭᠦᠷᠪᠡᠯ ᠦᠨ ᠲᠷᠤᠳᠤᠨᠲ᠋ᠢᠳ᠋ ᠪᠥᠭᠡᠳ ᠰᠢᠪᠠᠭᠤ ᠲᠠᠢ ᠢᠯᠡᠭᠦᠦ ᠲᠥᠰᠲᠡᠢ ᠲᠥᠷᠦᠯ ᠶᠤᠮ᠃
《ᠨᠤᠭᠤᠰᠤ ᠰᠢᠪᠠᠭᠤ ᠳᠠᠯᠠᠪᠴᠢᠨ ᠤ ᠪᠠᠨ ᠳᠣᠣᠷ᠎ᠠ ᠲᠣᠯᠣᠭᠠᠢ ᠪᠠᠨ ᠨᠤᠭᠳᠤᠶᠢᠯᠭᠠᠨ ᠤᠨᠲᠠᠳᠠᠭ ᠢ ᠪᠢᠳᠡ ᠪᠥᠭᠥᠳᠡᠭᠡᠷ ᠢᠶᠡᠨ ᠮᠡᠳᠡᠨ᠎ᠡ᠃ ᠡᠨᠡ ᠪᠢᠴᠢᠬᠠᠨ ᠦᠯᠭᠡ ᠭᠦᠷᠪᠡᠯ ᠢ ᠶᠠᠭ ᠢᠵᠢᠯᠬᠡᠨ ᠪᠠᠶᠢᠷᠢᠯᠠᠯ ᠲᠠᠢ ᠤᠨᠲᠠᠵᠤ ᠪᠠᠶᠢᠭ᠎ᠠ ᠶᠢ ᠲᠠ ᠪᠦᠬᠦᠨ ᠬᠠᠷᠠᠵᠤ ᠪᠠᠶᠢᠨ᠎ᠠ᠃ ᠡᠨᠡ ᠪᠣᠯ ᠥᠨᠥ ᠦᠶ᠎ᠡ ᠶᠢᠨ ᠰᠢᠪᠠᠭᠤᠳ ᠤᠨ ᠥᠪᠡᠷᠮᠢᠴᠡ ᠵᠠᠩ ᠠᠪᠤᠷᠢ ᠶᠤᠮ᠃ ᠬᠠᠷᠢᠨ ᠣᠳᠣ ᠪᠢᠳᠡ ᠡᠨᠡ ᠵᠠᠩ ᠠᠪᠤᠷᠢ ᠨᠢ ᠵᠥᠪᠬᠡᠨ ᠰᠢᠪᠠᠭᠤᠨ ᠳᠤ ᠪᠠᠶᠢᠳᠠᠭ ᠥᠪᠡᠷᠮᠢᠴᠡ ᠰᠢᠨᠵᠢ ᠴᠢᠨᠠᠷ ᠪᠢᠰᠢ ᠭᠡᠵᠦ ᠬᠡᠯᠡᠵᠦ ᠪᠣᠯᠤᠨ᠎ᠠ 》ᠭᠡᠵᠦ ᠰᠤᠳᠤᠯᠭᠠᠨ ᠳᠤ ᠣᠷᠣᠯᠴᠠᠭ᠎ᠠ ᠦᠭᠡᠢ ᠬᠦᠨᠳᠡᠯᠡᠨ ᠦ ᠰᠢᠨᠵᠢᠭᠡᠴᠢ ᠴᠢᠺᠠᠭᠤ᠋ ᠬᠣᠲᠠ ᠶᠢᠨ ᠪᠠᠢᠭᠠᠯᠢ ᠶᠢᠨ ᠲᠡᠦᠬᠡ ᠶᠢᠨ ᠮᠦᠽᠧᠢ ᠶᠢᠨ ᠴᠢᠯᠠᠭᠤᠵᠢᠭᠰᠠᠨ ᠮᠥᠯᠬᠥᠭᠴᠢᠳ ᠦᠨ ᠲᠤᠰᠠᠯᠠᠬᠤ ᠺᠦ᠋ᠷᠠᠲ᠋ᠣᠷ ᠫᠠᠯᠢᠶᠤᠨᠲ᠋ᠤᠯᠤᠭᠢᠴᠢ ᠵᠢᠩᠭᠮᠡᠢ ᠣ᠂ ᠺᠣᠨᠨᠣᠷ CNN ᠳᠦ ᠶᠠᠷᠢᠵᠠᠢ᠃
ᠣᠯᠳᠠᠪᠤᠷᠢ ᠶᠢ ᠰᠤᠳᠤᠯᠤᠭᠰᠠᠨ ᠡᠷᠳᠡᠮᠲᠡᠳ ᠡᠨᠡ ᠦᠯᠭᠡ ᠭᠦᠷᠪᠡᠯ ᠨᠢ ᠰᠢᠨ᠎ᠡ ᠲᠥᠷᠥᠯ ᠵᠦᠢᠯ ᠪᠣᠯᠬᠤ ᠶᠢ ᠲᠣᠭᠲᠠᠭᠠᠵᠤ᠂ ᠲᠡᠭᠦᠨ ᠳᠦ《Jaculinykus yaruui》ᠭᠡᠰᠡᠨ ᠨᠡᠷ᠎ᠡ ᠥᠭᠴᠡᠢ᠃ ᠡᠨᠡ ᠨᠡᠷ᠎ᠡ ᠶᠢᠨ ᠡᠬᠢᠨ ᠦ ᠦᠭᠡ ᠨᠢ ᠳᠣᠮᠣᠭᠲᠤ ᠯᠤᠤ ᠪᠣᠯᠬᠤ  ᠶᠠᠺᠤᠯᠤᠰ᠂ ᠡᠷᠲᠡᠨ ᠦ ᠭᠷᠧᠺ ᠬᠡᠯᠡ ᠪᠡᠷ ᠰᠠᠷᠪᠠᠭᠤ ᠭᠡᠰᠡᠨ ᠤᠳᠬ᠎ᠠ ᠲᠠᠢ ᠤᠨᠢᠺᠤᠰ ᠭᠡᠰᠡᠨ ᠦᠭᠡᠨ ᠦ ᠨᠡᠶᠢᠯᠡᠪᠦᠷᠢ ᠪᠣᠯ ᠵᠦᠢᠯ ᠦᠨ ᠨᠡᠷ᠎ᠡ ᠪᠤᠶᠤ ᠰᠡᠭᠦᠯᠴᠢ ᠶᠢᠨ ᠦᠭᠡ ᠨᠢ ᠶᠠᠭᠠᠷᠠᠤ᠂ ᠲᠦᠷᠭᠡᠨ ᠭᠡᠰᠡᠨ ᠮᠣᠩᠭᠣᠯ ᠦᠭᠡᠨ ᠡᠴᠡ ᠭᠠᠷᠤᠯᠲᠠᠢ᠃
《ᠶᠠᠺᠤᠯᠢᠨᠢᠺᠤᠰ ᠶᠠᠭᠠᠷᠠᠤᠢ》70 ᠰᠠᠶ᠎ᠠ ᠵᠢᠯ ᠦᠨ ᠡᠮᠦᠨ᠎ᠡ ᠴᠡᠷᠳᠡ ᠶᠢᠨ ᠭᠠᠯᠪᠠ ᠶᠢᠨ ᠲᠡᠭᠦᠰᠬᠡᠯ︵145 ᠰᠠᠶ᠎ᠠ ᠠᠴᠠ 66 ᠰᠠᠶ᠎ᠠ ᠵᠢᠯ ᠦᠨ ᠡᠮᠦᠨ᠎ᠡ︶ ᠳᠤ ᠠᠮᠢᠳᠤᠷᠠᠵᠤ ᠪᠠᠶᠢᠭᠰᠠᠨ ᠪᠥᠭᠡᠳ ᠪᠡᠶ᠎ᠡ ᠭᠦᠢᠴᠡᠬᠦ ᠦᠶ᠎ᠡ ᠳᠦ ᠪᠡᠨ ᠬᠠᠮᠠᠷ ᠠᠴᠠ ᠰᠡᠭᠦᠯ ᠦᠨ ᠦᠵᠦᠭᠦᠷ ᠬᠦᠷᠲᠡᠯ᠎ᠡ ᠶᠡᠷᠦᠳᠡᠭᠡᠨ ᠨᠢᠭᠡ ᠮᠧᠲ᠋ᠷ ᠤᠷᠲᠤ ᠲᠠᠢ ᠭᠡᠳᠡᠭ ᠢ ᠰᠤᠳᠤᠯᠭᠠᠨ ᠤ ᠪᠠᠭ ᠤᠨ ᠠᠬᠠᠯᠠᠭᠴᠢ᠂ ᠶᠠᠫᠣᠨ ᠤ ᠬᠤᠺᠺᠠᠢᠳᠤ᠋ ᠶᠡᠬᠡ ᠰᠤᠷᠭᠠᠭᠤᠯᠢ ᠶᠢᠨ  ᠫᠠᠯᠢᠶᠤᠨᠪᠢᠤᠯᠤᠭᠢ ᠶᠢᠨ ᠰᠤᠳᠤᠯᠭᠠᠨ ᠤ ᠪᠠᠭ ᠤᠨ ᠳ᠋ᠣᠺᠲ᠋ᠣᠷᠠᠨᠲ ᠺᠤᠾᠲ᠋ᠠ ᠺᠤᠪᠤ ᠬᠡᠯᠡᠯ᠎ᠡ᠃

ᠰᠡᠳᠬᠢᠭᠳᠡᠯ ᠦᠯᠡᠳᠡᠭᠡᠬᠦ