ᠮᠣᠩᠭᠣᠯ ᠰᠡᠳᠬᠦᠯᠴᠢ ᠦᠺᠷᠠᠶᠢᠨ ᠤ ᠳᠠᠶᠢᠨ ᠢ ᠰᠤᠷᠪᠤᠯᠵᠢᠯᠠᠨ᠎ᠠ | News.MN

ᠮᠣᠩᠭᠣᠯ ᠰᠡᠳᠬᠦᠯᠴᠢ ᠦᠺᠷᠠᠶᠢᠨ ᠤ ᠳᠠᠶᠢᠨ ᠢ ᠰᠤᠷᠪᠤᠯᠵᠢᠯᠠᠨ᠎ᠠ

᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎    ᠮᠣᠩᠭᠣᠯ ᠤᠯᠤᠰ ᠤᠨ Unnu.news ᠮᠧᠳᠢᠶᠠ ᠺᠣᠮᠫᠠᠨᠢ ᠶᠢᠨ ᠶᠡᠷᠦᠩᠬᠡᠢ ᠫᠷᠣᠳᠢᠶᠦ᠋ᠰᠧᠷ ᠬ∙ ᠴᠣᠭᠲᠤᠪᠢᠯᠢᠭᠦᠨᠳᠠᠷᠢ ᠦᠺᠷᠠᠢᠨ ᠲᠥᠪ ᠲᠡᠢ《ᠨᠡᠶᠢᠲᠡ ᠶᠢᠨ ᠡᠷᠬᠡ ᠠᠰᠢᠭ ᠤᠨ ᠰᠡᠳᠬᠦᠯ ᠵᠦᠢ ᠶᠢᠨ ᠯᠠᠪᠣᠷᠠᠲ᠋ᠣᠷᠢ》ᠲᠥᠷᠦ ᠶᠢᠨ ᠪᠤᠰᠤ ᠪᠠᠶᠢᠭᠤᠯᠤᠯᠭ᠎ᠠ ᠶᠢᠨ Connecting Continents ᠬᠦᠲᠦᠯᠪᠤᠷᠢ ᠳᠦ ᠰᠢᠯᠭᠠᠷᠠᠵᠤ᠂ ᠳᠠᠶᠢᠨ ᠤ ᠪᠣᠳᠠᠲᠤ ᠨᠥᠬᠥᠴᠡᠯ ᠪᠠᠶᠢᠳᠠᠯ ᠢ ᠰᠤᠷᠪᠤᠯᠵᠢᠯᠠᠬᠤ ᠪᠠᠷ ᠦᠺᠷᠠᠢᠨ ᠳᠤ ᠣᠴᠢᠭᠠᠳ ᠪᠠᠶᠢᠨ᠎ᠠ᠃

ᠡᠨᠡ ᠬᠦ ᠬᠥᠲᠥᠯᠪᠦᠷᠢ ᠨᠢ ᠠᠽᠢᠶ᠎ᠠ᠂ ᠠᠹᠷᠢᠺᠠ᠂ ᠯᠠᠲ᠋ᠢᠨ ᠠᠮᠧᠷᠢᠺᠠ ᠶᠢᠨ ᠰᠡᠳᠬᠦᠯᠴᠢ᠂ ᠨᠡᠶᠢᠲᠡᠯᠡᠯᠴᠢ ᠳᠦ ᠦᠺᠷᠠᠢᠨ ᠳᠤ ᠨᠥᠬᠥᠴᠡᠯ ᠪᠠᠶᠢᠳᠠᠯ ᠲᠠᠢ ᠭᠠᠵᠠᠷ ᠳᠡᠭᠡᠷ᠎ᠡ ᠨᠢ ᠲᠠᠨᠢᠯᠴᠠᠵᠤ᠂ ᠣᠷᠣᠰ ᠤᠨ ᠦᠺᠷᠠᠢᠨ ᠳᠤ ᠬᠢᠵᠦ ᠪᠠᠶᠢᠭ᠎ᠠ ᠳᠠᠶᠢᠨ ᠤ ᠲᠠᠯᠠᠭᠠᠷᠬᠢ ᠪᠣᠳᠠᠲᠤ ᠮᠡᠳᠡᠭᠡᠯᠡᠯ ᠢ ᠬᠦᠷᠭᠡᠬᠦ ᠵᠣᠷᠢᠯᠭ᠎ᠠ ᠲᠠᠢ ᠠᠵᠠᠢ᠃ ᠡᠨᠡ ᠰᠠᠷ᠎ᠠ ᠶᠢᠨ 25  ᠠᠴᠠ ᠢᠷᠡᠬᠦ ᠰᠠᠷ᠎ᠠ ᠶᠢᠨ 3 ᠤ ᠡᠳᠦᠷ ᠢ ᠬᠦᠷᠲᠡᠯ᠎ᠡ ᠦᠷᠭᠦᠯᠵᠢᠯᠡᠬᠦ ᠤᠭ ᠬᠥᠲᠦᠯᠪᠦᠷᠢ ᠳᠦ ᠠᠽᠢᠶ᠎ᠠ ᠲᠢᠪ ᠡᠴᠡ ᠳᠣᠯᠣᠭᠠᠨ ᠣᠷᠣᠨ ᠤ ᠳᠣᠯᠣᠭᠠᠨ ᠰᠡᠳᠬᠦᠯᠴᠢ ᠣᠷᠣᠯᠴᠠᠵᠤ ᠪᠠᠶᠢᠨ᠎ᠠ᠃ ᠡᠭᠦᠨ ᠳᠦ ᠶᠠᠫᠣᠨ ᠤᠯᠤᠰ ᠠᠴᠠ Nikkei ᠮᠧᠳᠢᠶᠠ ᠺᠣᠮᠫᠠᠨᠢ ᠶᠢᠨ ᠲᠣᠶᠢᠮᠣᠴᠢ ᠾᠢᠷᠤᠶᠤᠺᠢ ᠠᠺᠢᠲ᠋ᠠ᠂ ᠡᠮᠦᠨᠡᠲᠦ ᠰᠣᠯᠣᠩᠭᠣᠰ ᠠᠴᠠ Chosun Ilbo ᠰᠣᠨᠢᠨ ᠤ ᠷᠧᠳᠠᠺᠲ᠋ᠤᠷ ᠰᠢᠩᠶᠣᠨ ᠺᠢᠮ᠂ ᠢᠨᠳᠤᠨᠢᠽ ᠤᠯᠤᠰ ᠠᠴᠠ CNN Indonesia  ᠦᠨ ᠠᠬᠠᠯᠠᠬᠤ ᠨᠡᠪᠲᠡᠷᠡᠭᠦᠯᠦᠭᠴᠢ ᠳ᠋ᠧᠰᠢ ᠠᠩᠸᠠᠷ ᠨᠠᠷ  ᠪᠠᠶᠢᠨ᠎ᠠ᠃
ᠤᠭ ᠬᠥᠲᠦᠯᠪᠦᠷᠢ ᠳᠦ ᠮᠣᠩᠭᠣᠯ ᠤᠯᠤᠰ ᠠᠴᠠ ᠰᠢᠯᠭᠠᠷᠠᠭᠰᠠᠨ ᠬ∙ᠴᠣᠭᠲᠤᠪᠢᠯᠢᠭᠦᠨᠳᠠᠷᠢ ᠨᠢ ᠠᠮᠧᠷᠢᠺᠠ ᠳᠦ ᠬᠥᠭᠵᠢᠯ ᠦᠨ ᠠᠷᠭ᠎ᠠ ᠵᠦᠢ ᠴᠢᠭᠯᠡᠯ ᠢᠶᠡᠷ ᠮᠠᠭᠢᠰᠲ᠋ᠷ᠂ ᠤᠯᠤᠰ ᠲᠥᠷᠦ᠂ ᠳ᠋ᠢᠵᠢᠲ᠋ᠠᠯ ᠬᠡᠪᠯᠡᠯ ᠮᠡᠳᠡᠭᠡᠯᠡᠯ ᠦᠨ ᠴᠢᠭᠯᠡᠯ ᠢᠶᠡᠷ ᠪᠠᠺᠠᠯᠠᠸᠠᠷ ᠤᠨ ᠵᠡᠷᠭᠡ ᠬᠠᠮᠠᠭᠠᠯᠠᠭᠰᠠᠨ ᠪᠥᠭᠡᠳ 2022 ᠣᠨ ᠳᠤ ᠲᠠᠶᠢᠯᠪᠤᠷᠢᠯᠠᠬᠤ ᠰᠡᠳᠬᠦᠯ ᠵᠦᠢ ᠶᠢᠨ Unnu.news ᠮᠧᠳᠢᠶᠠ ᠺᠣᠮᠫᠠᠨᠢ ᠶᠢ ᠬᠠᠮᠲᠤᠷᠠᠨ ᠡᠭᠦᠰᠬᠡᠨ ᠪᠠᠶᠢᠭᠤᠯᠤᠭᠰᠠᠨ᠃

ᠲᠡᠳᠡ ᠦᠺᠷᠠᠶᠢᠨ ᠤ ᠺᠢᠶᠧ᠂ ᠨᠢᠺᠤᠯᠠᠶᠧ᠂ ᠾᠧᠷᠰᠤᠨ ᠮᠤᠵᠢ ᠪᠠᠷ ᠵᠣᠴᠢᠯᠠᠵᠤ᠂ ᠬᠣᠬᠢᠷᠠᠯ᠂ ᠰᠦᠢᠷᠡᠯ ᠦᠨ ᠪᠣᠳᠠᠲᠤ ᠨᠥᠬᠥᠴᠡᠯ ᠲᠡᠢ ᠲᠠᠨᠢᠯᠴᠠᠬᠤ ᠪᠥᠭᠡᠳ ᠳᠠᠶᠢᠨ ᠤ ᠬᠣᠬᠢᠷᠠᠭᠴᠢᠳ᠂ ᠦᠺᠷᠠᠶᠢᠨ ᠤ ᠴᠡᠷᠢᠭ ᠦᠨ ᠲᠥᠯᠦᠭᠡᠯᠡᠯ ᠲᠡᠢ ᠠᠭᠤᠯᠵᠠᠵᠤ ᠶᠠᠷᠢᠯᠴᠠᠨ᠎ᠠ᠃ ᠦᠺᠷᠠᠶᠢᠨ ᠠᠴᠠ ᠬᠢᠬᠦ ᠰᠤᠷᠪᠤᠯᠵᠢᠯᠠᠭ᠎ᠠ ᠶᠢ unnu.news  ᠦᠨ ᠠᠯᠪᠠᠨ ᠶᠣᠰᠣᠨ ᠤ Instagram᠂ Facebook ᠰᠤᠪᠠᠭ  ᠪᠣᠯᠤᠨ NTV ᠲᠧᠯᠸᠢᠰ ᠢᠶᠡᠷ ᠬᠦᠯᠢᠶᠡᠨ ᠠᠪᠴᠤ ᠦᠵᠡᠬᠦ ᠪᠣᠯᠤᠮᠵᠢ ᠲᠠᠢ

ᠰᠡᠳᠬᠢᠭᠳᠡᠯ ᠦᠯᠡᠳᠡᠭᠡᠬᠦ