ᠮᠣᠩᠭᠣᠯ ᠨᠤᠯᠤᠤᠷ ᠮᠠᠨ ᠤ ᠭᠤᠷᠪᠠᠳ᠋ᠠᠬᠢ ᠲᠣᠮᠣ ᠡᠺᠰᠫᠣᠷᠲ ᠤᠨ ᠪᠦᠲᠦᠭᠡᠭᠳᠡᠬᠦᠨ ᠪᠢᠯᠡ᠃ ᠲᠡᠭᠡᠪᠡᠯ 《ᠭᠣᠪᠢ》 ᠺᠣᠮᠫᠠᠨᠢ ᠳᠤ ᠠᠽᠢᠶ᠎ᠠ ᠶᠢᠨ ᠬᠥᠭᠵᠢᠯ ᠦᠨ ᠪᠠᠩᠬᠢᠨ ᠠᠴᠠ 30 ᠰᠠᠶ᠎ᠠ ᠳ᠋ᠣᠯᠯᠠᠷ ᠤᠨ ᠵᠢᠭᠡᠯᠡ ᠣᠯᠭᠤᠵᠠᠢ᠃ ᠤᠭ ᠬᠥᠷᠥᠩᠭᠡ ᠶᠢ ᠮᠠᠯᠴᠢᠳ ᠠᠴᠠ ᠲᠦᠭᠦᠬᠡᠢ ᠡᠳ᠋ ᠬᠤᠳᠠᠯᠳᠤᠨ ᠠᠪᠬᠤ᠂ ᠤᠯᠠᠭᠠᠨᠪᠠᠭᠠᠲᠤᠷ ᠬᠣᠲᠠ ᠶᠢᠨ ᠣᠶᠢᠷᠠᠯᠴᠠᠭ᠎ᠠ ᠨᠣᠣᠰᠣ᠂ ᠨᠤᠯᠤᠤᠷ ᠪᠣᠯᠪᠠᠰᠤᠷᠠᠭᠤᠯᠬᠤ ᠰᠢᠨ᠎ᠡ ᠦᠢᠯᠡᠳᠪᠦᠷᠢ ᠪᠠᠷᠢᠬᠤ ᠳᠤ ᠵᠠᠷᠤᠴᠠᠭᠤᠯᠬᠤ ᠲᠠᠯ᠎ᠠ ᠪᠠᠷ Global Trade Review ᠰᠠᠢᠲ ᠮᠡᠳᠡᠭᠡᠯᠡᠯ᠎ᠡ᠃
ᠲᠤᠰ ᠰᠠᠢᠲ ᠲᠤ ᠮᠡᠳᠡᠭᠡᠯᠡᠭᠰᠡᠨ ᠢᠶᠡᠷ᠂ ᠡᠨᠡ ᠬᠦ ᠵᠢᠭᠡᠯᠡ ᠨᠢ 1200 ᠣᠷᠴᠢᠮ ᠮᠠᠯᠴᠢᠳ ᠢ ᠨᠠᠶᠢᠳᠠᠪᠤᠷᠢᠲᠠᠢ ᠣᠷᠣᠯᠭ᠎ᠠ ᠲᠠᠢ ᠪᠣᠯᠭᠠᠬᠤ᠂ ᠪᠡᠯᠴᠢᠭᠡᠷ᠂ ᠡᠺᠤᠯᠤᠭᠢ ᠶᠢᠨ ᠮᠧᠨᠧᠵᠮᠧᠨᠲ ᠢ ᠳᠡᠮᠵᠢᠬᠦ ᠵᠠᠮ ᠢᠶᠠᠷ ᠨᠤᠯᠤᠤᠷ ᠤᠨ ᠨᠡᠶᠢᠯᠡᠭᠦᠯᠦᠯᠲᠡ ᠶᠢᠨ ᠰᠦᠯᠵᠢᠶ᠎ᠡ ᠶᠢ ᠲᠣᠭᠲᠠᠪᠤᠷᠢᠲᠠᠢ ᠪᠠᠶᠢᠯᠭᠠᠬᠤ ᠳᠤ ᠲᠤᠰᠠ ᠳᠥᠬᠥᠮ ᠪᠣᠯᠤᠨ᠎ᠠ ᠭᠡᠵᠦ ᠠᠽᠢ ᠶᠢᠨ ᠬᠦᠭᠵᠢᠯ ᠦᠨ ᠪᠠᠩᠭᠢ ᠦᠵᠡᠵᠦ ᠪᠠᠢᠨ᠎ᠠ᠃