ᠮᠣᠩᠭᠣᠯ ᠤᠯᠤᠰ ᠺᠠᠨᠠᠳᠠ ᠶᠢᠨ ᠬᠠᠮᠤᠭ ᠤᠨ ᠲᠣᠮᠣ ᠬᠤᠲᠠ ᠳᠤ ᠺᠤᠨᠰᠦ᠋ᠯ ᠤᠨ ᠭᠠᠵᠠᠷ ᠲᠠᠢ ᠪᠣᠯᠤᠯ᠎ᠠ   | News.MN

ᠮᠣᠩᠭᠣᠯ ᠤᠯᠤᠰ ᠺᠠᠨᠠᠳᠠ ᠶᠢᠨ ᠬᠠᠮᠤᠭ ᠤᠨ ᠲᠣᠮᠣ ᠬᠤᠲᠠ ᠳᠤ ᠺᠤᠨᠰᠦ᠋ᠯ ᠤᠨ ᠭᠠᠵᠠᠷ ᠲᠠᠢ ᠪᠣᠯᠤᠯ᠎ᠠ  

ᠺᠠᠨᠠᠳᠠ ᠶᠢᠨ ᠬᠠᠮᠤᠭ ᠤᠨ ᠣᠯᠠᠨ ᠬᠦᠮᠦᠨ ᠠᠮᠠ ᠲᠠᠢ ᠲᠤᠷᠤᠨᠲ᠋ᠤ᠋ ᠬᠤᠲᠠᠨ᠎ᠠ ᠮᠣᠩᠭᠣᠯ ᠤᠯᠤᠰ ᠤᠨ ᠡᠷᠭᠦᠮᠵᠢᠲᠦ ᠺᠤᠨᠰᠦ᠋ᠯ  ᠤᠨ ᠭᠠᠵᠠᠷ ᠠᠯᠪᠠᠨ ᠶᠣᠰᠣᠭᠠᠷ ᠨᠡᠭᠡᠭᠡᠭᠳᠡᠵᠦ᠂ ᠡᠷᠭᠦᠮᠵᠢᠲᠦ ᠺᠤᠨᠰᠦ᠋ᠯ  ᠢᠶᠠᠷ ᠪᠷᠠᠶᠤᠨ ᠸᠢᠯᠹᠧᠷᠲ ᠡᠨᠡ ᠣᠨ ᠤ ᠳᠣᠯᠣᠳᠤᠭᠠᠷ ᠰᠠᠷ᠎ᠠ ᠳᠤ ᠲᠣᠮᠢᠯᠠᠭᠳᠠᠵᠤ ᠡᠭᠦᠷᠭᠡᠲᠦ ᠠᠵᠢᠯ ᠢᠶᠠᠨ ᠬᠦᠯᠢᠶᠡᠵᠦ ᠠᠪᠤᠭᠰᠠᠨ ᠶᠤᠮ᠃

ᠺᠤᠨᠰᠦ᠋ᠯ ᠤᠨ ᠭᠠᠵᠠᠷ ᠤᠨ ᠨᠡᠭᠡᠭᠡᠯᠲᠡ ᠶᠢᠨ ᠶᠣᠰᠣᠯᠠᠯ ᠤᠨ ᠠᠷᠭ᠎ᠠ ᠬᠡᠮᠵᠢᠶ᠎ᠡ ᠥᠩᠭᠡᠷᠡᠭᠰᠡᠨ ᠳᠣᠯᠣᠭ᠎ᠠ ᠬᠣᠨᠣᠭ ᠲᠤ ᠪᠣᠯᠵᠤ ᠭᠠᠳᠠᠭᠠᠳᠤ ᠬᠠᠷᠢᠯᠴᠠᠭᠠᠨ ᠤ ᠰᠠᠶᠢᠳ ᠪ∙ᠪᠠᠲᠤᠴᠡᠴᠡᠭ ᠺᠠᠨᠠᠳᠠ ᠤᠯᠤᠰ ᠲᠤ ᠬᠢᠵᠦ ᠪᠤᠢ ᠠᠯᠪᠠᠨ ᠠᠶᠢᠯᠴᠢᠯᠠᠯ ᠤᠨ ᠢᠶᠠᠨ ᠦᠶ᠎ᠡ ᠪᠡᠷ ᠣᠷᠣᠯᠴᠠᠵᠠᠢ᠃
ᠺᠠᠨᠠᠳᠠ ᠳᠤ ᠮᠣᠩᠭᠣᠯ ᠤᠨ 2300 ᠣᠷᠴᠢᠮ ᠢᠷᠭᠡᠨ ᠠᠮᠢᠳᠤᠷᠠᠳᠠᠭ ᠪᠠᠶᠢᠨ᠎ᠠ᠃ ᠡᠨᠡ ᠵᠢᠯ ᠮᠣᠩᠭᠣᠯ᠂ ᠺᠠᠨᠠᠳᠠ ᠤᠯᠤᠰ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 50 ᠵᠢᠯ ᠦᠨ ᠣᠢ ᠲᠣᠬᠢᠶᠠᠵᠤ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ