ᠠᠷᠤᠬᠠᠩᠭᠠᠢ ᠳᠤ ᠲᠠᠪᠤᠨ ᠵᠢᠯ  ᠳᠤ 506 ᠤᠳᠠᠭ᠎ᠠ ᠶᠢᠨ ᠭᠠᠮᠰᠢᠭ ᠲᠣᠬᠢᠶᠠᠯᠳᠤᠵᠠᠢ | News.MN

 ᠠᠷᠤᠬᠠᠩᠭᠠᠢ ᠳᠤ ᠲᠠᠪᠤᠨ ᠵᠢᠯ  ᠳᠤ 506 ᠤᠳᠠᠭ᠎ᠠ ᠶᠢᠨ ᠭᠠᠮᠰᠢᠭ ᠲᠣᠬᠢᠶᠠᠯᠳᠤᠵᠠᠢ

ᠠᠷᠤᠬᠠᠩᠭᠠᠢ ᠠᠶᠢᠮᠠᠭ ᠤᠨ ᠬᠡᠮᠵᠢᠶᠡᠨ ᠳᠦ 2018-2022 ᠣᠨ ᠤ ᠬᠣᠭᠣᠷᠣᠨᠳᠣ ᠨᠡᠶᠢᠲᠡ 506 ᠤᠳᠠᠭ᠎ᠠ ᠶᠢᠨ ᠭᠠᠮᠰᠢᠭ᠂ ᠠᠶᠤᠯᠲᠤ ᠦᠵᠡᠭᠳᠡᠯ᠂ ᠣᠰᠣᠯ ᠲᠣᠬᠢᠶᠠᠯᠳᠤᠵᠠᠢ᠃ ᠡᠭᠦᠨ ᠦ ᠳᠣᠲᠣᠷ᠎ᠠ ᠣᠪᠶᠧᠺᠲ ᠤᠨ ᠭᠠᠯ ᠲᠦᠢᠮᠡᠷ 242᠂ ᠬᠡᠭᠡᠷ᠎ᠡ ᠶᠢᠨ ᠲᠦᠢᠮᠡᠷ 24᠂ ᠬᠦᠴᠦᠲᠡᠢ ᠰᠠᠯᠬᠢ ᠰᠢᠭᠤᠷᠭ᠎ᠠ 20᠂ ᠵᠤᠳ 3᠂ ᠭᠠᠵᠠᠷ ᠬᠥᠳᠡᠯᠦᠯᠲᠡ 11᠂ ᠡᠷᠢᠨ ᠬᠠᠶᠢᠬᠤ᠂ ᠠᠪᠤᠷᠠᠬᠤ ᠠᠵᠢᠯᠯᠠᠭ᠎ᠠ 39᠂ ᠭᠣᠣᠯ᠂ ᠨᠠᠭᠤᠷ ᠤᠨ ᠤᠰᠤᠨ ᠳᠤ ᠤᠨᠠᠵᠤ ᠣᠰᠣᠯᠳᠠᠭᠰᠠᠨ 23᠂ ᠵᠠᠮ ᠲᠡᠭᠡᠭᠡᠪᠦᠷᠢ ᠶᠢᠨ ᠣᠰᠣᠯ 11᠂ ᠦᠶᠡᠷ᠂ ᠤᠰᠤᠨ ᠤ ᠳᠠᠭᠤᠳᠠᠯᠭ᠎ᠠ 44᠂ ᠠᠶᠤᠩᠭᠠᠨ ᠤ ᠮᠡᠳᠡᠭᠡᠯᠡᠯ 2᠂ ᠮᠠᠯ ᠤᠨ ᠭᠣᠴᠣ ᠬᠠᠯᠳᠠᠪᠤᠷᠢᠲᠤ ᠡᠪᠡᠳᠴᠢᠨ 72᠂ ᠬᠦᠮᠦᠨ ᠦ ᠭᠣᠴᠣ ᠬᠠᠯᠳᠠᠪᠤᠷᠢᠲᠤ︵ᠺᠣᠸᠢᠳ-19︶ ᠡᠪᠡᠳᠴᠢᠨ 19 ᠰᠤᠮᠤᠨ ᠳᠤ ᠪᠦᠷᠢᠳᠬᠡᠭᠳᠡᠭᠰᠡᠨ ᠪᠠᠶᠢᠨ᠎ᠠ᠃
ᠳᠡᠭᠡᠷᠡᠬᠢ ᠠᠶᠤᠯᠲᠤ ᠦᠵᠡᠭᠳᠡᠯ᠂ ᠣᠰᠣᠯ ᠤᠨ ᠤᠯᠠᠮ ᠠᠴᠠ 81 ᠬᠦᠮᠦᠨ ᠠᠮᠢ ᠨᠠᠰᠤ ᠪᠠᠨ ᠠᠯᠳᠠᠵᠤ᠂ 20889 ᠲᠣᠯᠣᠭᠠᠢ ᠮᠠᠯ ᠬᠣᠷᠣᠭᠳᠠᠭᠰᠠᠨ᠂ ᠣᠢ᠂ ᠬᠡᠭᠡᠷ᠎ᠡ ᠶᠢᠨ ᠲᠦᠢᠮᠡᠷ ᠲᠦ 161 ᠭᠠ ᠲᠠᠯᠠᠪᠠᠢ᠂ 78 ᠭᠡᠷ᠂ ᠡᠪᠦᠯ ᠵᠤᠨ ᠤ ᠰᠠᠭᠤᠴᠠ ᠥᠷᠲᠦᠵᠦ᠂ ᠣᠨᠴᠠᠭᠠᠢ ᠪᠠᠶᠢᠳᠠᠯ ᠤᠨ ᠭᠠᠵᠠᠷ ᠤᠨ ᠠᠯᠪᠠ ᠬᠠᠭᠠᠭᠴᠢᠳ 851 ᠬᠦᠮᠦᠨ ᠦ ᠠᠮᠢ ᠨᠠᠰᠤ᠂ 12.28 ᠲᠡᠷᠪᠤᠮ ᠲᠥᠭᠦᠷᠢᠭ ᠦᠨ ᠥᠮᠴᠢ ᠬᠥᠷᠦᠩᠭᠡ ᠶᠢ ᠠᠪᠤᠷᠠᠨ ᠬᠠᠮᠠᠭᠠᠯᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ