ᠣᠲᠣᠷ ᠢᠶᠠᠷ ᠶᠠᠪᠤᠭ᠎ᠠ ᠮᠠᠯᠴᠢᠳ ᠤᠨ ᠳᠤᠮᠳᠠ 54 ᠬᠡᠦᠬᠡᠳ ᠪᠠᠶᠢᠨ᠎ᠠ | News.MN

ᠣᠲᠣᠷ ᠢᠶᠠᠷ ᠶᠠᠪᠤᠭ᠎ᠠ ᠮᠠᠯᠴᠢᠳ ᠤᠨ ᠳᠤᠮᠳᠠ 54 ᠬᠡᠦᠬᠡᠳ ᠪᠠᠶᠢᠨ᠎ᠠ

ᠠᠷᠤᠬᠠᠩᠭᠠᠢ ᠠᠶᠢᠮᠠᠭ ᠤᠨ ᠶᠡᠬᠡᠲᠠᠮᠢᠷ᠂ ᠦᠭᠢᠨᠠᠭᠤᠷ ᠰᠤᠮᠤᠨ ᠳᠤ ᠵᠠᠪᠬᠠᠨ᠂ ᠪᠠᠶᠠᠨᠬᠣᠩᠭᠣᠷ᠂ ᠬᠥᠪᠰᠥᠭᠥᠯ᠂ ᠰᠦᠬᠡᠪᠠᠭᠠᠲᠤᠷ ᠠᠶᠢᠮᠠᠭ ᠤᠨ  ᠳᠤᠯᠤᠭᠠᠨ ᠡᠷᠦᠬᠡ ᠶᠢᠨ 1.5 ᠮᠢᠩᠭᠠᠨ ᠮᠠᠯ ᠣᠲᠣᠷᠯᠠᠵᠤ ᠪᠠᠶᠢᠭ᠎ᠠ ᠪᠣᠯ ᠬᠠᠰᠢᠶᠠᠲᠤ᠂ ᠬᠤᠲᠤᠩᠲᠤ᠂ ᠴᠠᠬᠢᠷ᠂ ᠬᠠᠩᠭᠠᠢ ᠰᠤᠮᠤ ᠶᠢᠨ 22 ᠡᠷᠦᠬᠡ ᠶᠢᠨ 11.2 ᠮᠢᠩᠭᠠᠨ ᠲᠣᠯᠣᠭᠠᠢ ᠮᠠᠯ ᠪᠤᠯᠠᠭᠠᠨ᠂ ᠲᠥᠪ᠂ ᠳᠣᠷᠣᠨᠠᠲᠤ᠂ ᠰᠡᠯᠡᠩᠭᠡ᠂ ᠬᠡᠨᠲᠡᠢ᠂ ᠪᠠᠶᠠᠨᠬᠣᠩᠭᠣᠷ᠂ ᠬᠥᠪᠰᠥᠭᠥᠯ ᠠᠶᠢᠮᠠᠭ ᠲᠤ ᠣᠲᠣᠷ ᠢᠶᠠᠷ ᠡᠪᠦᠯᠵᠢᠵᠦ ᠪᠠᠶᠢᠨ᠎ᠠ᠃
ᠬᠠᠷᠢᠨ ᠠᠶᠢᠮᠠᠭ ᠳᠣᠲᠣᠷ᠎ᠠ ᠪᠠᠨ ᠵᠢᠷᠭᠠᠯᠠᠩᠲᠤ᠂ ᠲᠠᠷᠢᠶᠠᠲᠤ᠂ ᠴᠢᠯᠠᠭᠤᠲᠤ᠂ ᠴᠠᠬᠢᠷ᠂ ᠬᠠᠩᠭᠠᠢ ᠰᠤᠮᠤ ᠶᠢᠨ 181 ᠡᠷᠦᠬᠡ ᠶᠢᠨ 90.3 ᠮᠢᠩᠭᠠᠨ ᠲᠣᠯᠣᠭᠠᠢ ᠮᠠᠯ ᠥᠨᠳᠥᠷ-ᠤᠯᠠᠭᠠᠨ᠂ ᠴᠡᠴᠡᠷᠯᠢᠭ᠂ ᠡᠷᠳᠡᠨᠢᠮᠠᠨᠳᠠᠯ᠂ ᠴᠢᠯᠠᠭᠤᠲᠤ᠂ ᠶᠡᠬᠡᠲᠠᠮᠢᠷ᠂ ᠲᠠᠷᠢᠶᠠᠲᠤ᠂  ᠬᠤᠲᠤᠩᠲᠤ᠂ ᠪᠤᠯᠠᠭᠠᠨ᠂ ᠪᠠᠲᠤᠴᠡᠩᠭᠡᠯ᠂ ᠬᠠᠩᠭᠠᠢ ᠰᠤᠮᠤᠨ ᠳᠤ ᠣᠲᠣᠷᠯᠠᠵᠤ ᠪᠠᠶᠢᠨ᠎ᠠ᠃ ᠣᠲᠣᠷ ᠢᠶᠠᠷ ᠶᠠᠪᠤᠭ᠎ᠠ ᠮᠠᠯᠴᠢᠳ ᠤᠨ ᠠᠮᠠ ᠪᠦᠯᠢ ᠶᠢᠨ ᠲᠣᠭ᠎ᠠ 603᠂ ᠮᠠᠯᠴᠢᠨ 324᠂ 0-5 ᠨᠠᠰᠤᠨ ᠤ ᠬᠡᠦᠬᠡᠳ 54᠂ ᠵᠢᠷᠮᠦᠰᠦᠨ ᠡᠮᠡᠭᠲᠡᠢ 1᠂ ᠥᠨᠳᠥᠷ ᠨᠠᠰᠤᠲᠠᠨ 12᠂ ᠬᠥᠭᠵᠢᠯ ᠦᠨ ᠪᠡᠷᠬᠡᠰᠢᠶᠡᠯᠲᠡᠢ ᠢᠷᠭᠡᠨ 1 ᠪᠠᠶᠢᠨ᠎ᠠ᠃

ᠰᠡᠳᠬᠢᠭᠳᠡᠯ ᠦᠯᠡᠳᠡᠭᠡᠬᠦ