ᠯ ∙ᠤᠶᠤᠡᠡᠷᠳᠡᠨᠢ ᠺᠢᠷᠭᠢᠽ ᠤᠯᠤᠰ ᠤᠨ ᠠᠯᠲᠠᠨ ᠤ ᠦᠢᠯᠡᠳᠪᠦᠷᠢ  ᠶᠢ ᠦᠵᠡᠪᠡ | News.MN

ᠯ ∙ᠤᠶᠤᠡᠡᠷᠳᠡᠨᠢ ᠺᠢᠷᠭᠢᠽ ᠤᠯᠤᠰ ᠤᠨ ᠠᠯᠲᠠᠨ ᠤ ᠦᠢᠯᠡᠳᠪᠦᠷᠢ  ᠶᠢ ᠦᠵᠡᠪᠡ

ᠮᠣᠩᠭᠣᠯ ᠤᠯᠤᠰ ᠤᠨ ᠶᠡᠷᠦᠩᠬᠡᠢ ᠰᠠᠶᠢᠳ ᠯ ∙ ᠤᠶᠤᠡᠡᠷᠳᠡᠨᠢ ᠪᠦᠭᠦᠳᠡ ᠨᠠᠶᠢᠷᠠᠮᠳᠠᠬᠤ ᠺᠢᠷᠭᠢᠽ ᠤᠯᠤᠰ ᠤᠨ ᠰᠠᠶᠢᠳ ᠨᠠᠷ ᠤᠨ ᠲᠠᠩᠬᠢᠮ ᠤᠨ ᠳᠠᠷᠤᠭ᠎ᠠ ᠪᠥᠭᠡᠳ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ ᠤᠨ ᠳᠠᠷᠤᠭ᠎ᠠ ᠠ᠊ ∙ᠵᠠᠫᠠᠷᠤᠸ᠋  ᠤᠨ ᠤᠷᠢᠯᠭ᠎ᠠ ᠪᠠᠷ ᠲᠤᠰ ᠤᠯᠤᠰ ᠲᠤ ᠠᠵᠢᠯ ᠤᠨ ᠠᠶᠢᠯᠴᠢᠯᠠᠯ ᠬᠢᠵᠦ ᠪᠠᠶᠢᠨ᠎ᠠ᠃ ᠲᠡᠷᠡ ᠥᠨᠥᠳᠥᠷ 《 ᠺᠢᠷᠭᠢᠽ ᠠᠯᠲᠢᠨ》 ᠺᠤᠮᠫᠠᠨᠢ ᠶᠢᠨ ᠠᠯᠲᠠ ᠴᠡᠪᠡᠷᠰᠢᠭᠦᠯᠬᠦ ᠦᠢᠯᠡᠳᠪᠦᠷᠢ ᠶᠢᠨ ᠦᠢᠯᠡ ᠠᠵᠢᠯᠯᠠᠭ᠎ᠠ ᠲᠠᠢ ᠲᠠᠨᠢᠯᠴᠠᠪᠠ᠃
ᠲᠤᠰ ᠦᠢᠯᠡᠳᠪᠦᠷᠢ ᠵᠢᠯ ᠳᠦ 40 ᠲᠣᠨ ᠦᠢᠯᠡᠳᠪᠦᠷᠢᠯᠡᠯ ᠦᠨ ᠬᠦᠴᠦᠨ ᠴᠢᠳᠠᠯ ᠲᠠᠢ᠂ ᠠᠯᠲᠠ ᠠᠭᠤᠯᠤᠭᠰᠠᠨ ᠲᠦᠭᠦᠬᠡᠢ ᠡᠳ᠋ ᠪᠣᠯᠪᠠᠰᠤᠷᠠᠭᠤᠯᠬᠤ ᠲᠧᠭᠨᠣᠯᠣᠭᠢ ᠶᠢᠨ ᠳᠠᠭᠠᠤ ᠮᠥᠩᠭᠥᠨ ᠦ ᠠᠭᠤᠯᠤᠮᠵᠢ ᠥᠨᠳᠥᠷ ᠲᠡᠢ 《 ᠳ᠋ᠤᠷᠧ》 ᠬᠠᠶᠢᠯᠤᠰᠢ ᠶᠢ ᠪᠣᠯᠪᠠᠰᠤᠷᠠᠭᠤᠯᠵᠤ ᠪᠠᠶᠢᠨ᠎ᠠ᠃ ᠮᠥᠨ ᠠᠯᠲᠠᠨ ᠤ ᠴᠢᠨᠠᠷ ᠢ ᠲᠣᠳᠣᠷᠬᠠᠶᠢᠯᠠᠬᠤ ᠰᠤᠳᠤᠯᠭᠠᠨ ᠤ ᠯᠠᠪᠤᠷᠠᠲ᠋ᠣᠷᠢ ᠲᠠᠢ᠃ ᠠᠩᠭᠯᠢ ᠤᠯᠤᠰ ᠤᠨ ᠦᠨᠳᠦᠰᠦᠨ ᠦ ᠮᠠᠭᠠᠳᠯᠠᠨ ᠢᠲᠡᠭᠡᠮᠵᠢᠯᠡᠯ ᠦᠨ ᠪᠠᠶᠢᠭᠤᠯᠤᠯᠭ᠎ᠠ︵ UKAS︶  ᠶᠢᠨ ᠢᠲᠡᠭᠡᠮᠵᠢᠯᠡᠯ ᠦᠨ ᠳᠠᠭᠠᠤ 999.9 ᠶᠢᠨ ᠠᠯᠲᠠ᠂ 999 ᠶᠢᠨ ᠭᠤᠯᠳᠤᠮᠠᠢ ᠦᠢᠯᠡᠳᠪᠦᠷᠢᠯᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ