ᠳᠡᠯᠡᠬᠡᠢ ᠶᠢᠨ ᠰᠦᠨ ᠦᠢᠯᠡᠳᠪᠦᠷᠢᠯᠡᠯ ᠦᠨ ᠶᠡᠬᠡ ᠬᠤᠷᠠᠯ᠂ World Dairy Summit ᠡᠨᠡ ᠰᠠᠷ᠎ᠠ ᠶᠢᠨ 16-19 ᠦ ᠡᠳᠦᠷ ᠦᠳ ᠲᠦ ᠠᠮᠧᠷᠢᠺᠠ ᠶᠢᠨ ᠴᠢᠺᠠᠭᠤ᠋ ᠬᠤᠲᠠ ᠳᠤ ᠪᠣᠯᠵᠤ᠂《ᠰᠦᠨ ᠪᠡᠯᠭᠡᠳᠡᠯ》ᠺᠤᠮᠫᠠᠨᠢ ᠶᠢᠨ ᠵᠠᠬᠢᠷᠤᠯ᠂ ᠵᠥᠪᠯᠡᠬᠦ ᠢᠨᠵᠧᠨᠧᠷ᠂ ᠣᠯᠠᠨ ᠤᠯᠤᠰ ᠤᠨ ᠪᠢᠰᠢᠯᠠᠭ ᠤᠨ ᠮᠠᠰᠲ᠋ᠸᠷ ᠵᠥᠪᠯᠡᠬᠦ ᠰ ∙ ᠴᠡᠴᠡᠭ ᠣᠷᠣᠯᠴᠠᠵᠠᠢ᠃
ᠣᠯᠠᠨ ᠤᠯᠤᠰ ᠤᠨ ᠰᠦᠨ ᠦ ᠬᠣᠯᠪᠣᠭᠠᠨ ᠤ ᠲᠦᠩᠰᠢ ᠭᠡᠰᠢᠭᠦᠨ ᠢᠶᠡᠷ ᠮᠣᠩᠭᠣᠯ ᠤᠯᠤᠰ 2007 ᠣᠨ ᠳᠤ ᠡᠯᠰᠡᠬᠦ ᠳᠦ ᠫᠷᠣᠹᠧᠰᠰᠣᠷ ᠯ ∙ ᠳᠠᠮᠳᠢᠨᠰᠦ᠋ᠷᠦᠩ᠂ ᠵᠥᠪᠯᠡᠬᠦ ᠢᠨᠵᠧᠨᠧᠷ ᠰ ∙ ᠴᠡᠴᠡᠭ ᠨᠠᠷ ᠳ᠋ᠤᠪᠯᠢᠨ ᠬᠤᠲᠠ ᠳᠤ ᠣᠴᠢᠵᠤ ᠮᠣᠩᠭᠣᠯ ᠣᠷᠣᠨ ᠢ ᠡᠯᠰᠡᠭᠦᠯᠬᠦ ᠳᠦ ᠶᠡᠷᠦᠩᠬᠡᠢ ᠠᠰᠰᠠᠮᠪᠯᠧᠢ ᠶᠢᠨ ᠬᠤᠷᠠᠯ ᠳᠤ ᠦᠭᠡ ᠬᠡᠯᠡᠵᠦ᠂ ᠣᠷᠴᠢᠭᠤᠯᠵᠤ ᠪᠠᠶᠢᠭᠰᠠᠨ ᠲᠡᠦᠬᠡ ᠲᠡᠢ᠃
《ᠰᠦᠨ ᠪᠡᠯᠭᠡᠳᠡᠯ》 ᠺᠤᠮᠫᠠᠨᠢ ᠶᠢᠨ ᠪᠢᠰᠢᠯᠠᠭ ᠤᠨ ᠦᠢᠯᠡᠳᠪᠦᠷᠢ ᠪᠠᠶᠠᠨᠬᠣᠩᠭᠣᠷ ᠠᠶᠢᠮᠠᠭ ᠤᠨ ᠡᠷᠳᠡᠨᠢᠴᠣᠭᠲᠤ ᠰᠤᠮᠤᠨ ᠳᠤ ᠠᠵᠢᠯᠯᠠᠳᠠᠭ ᠪᠥᠭᠡᠳ ᠥᠪᠡᠷ ᠦᠨ ᠪᠷᠡᠨᠳ᠋ ᠢ ᠪᠤᠢ ᠪᠣᠯᠭᠠᠬᠤ ᠳᠤ 10 ᠵᠢᠯ ᠢ ᠵᠠᠷᠤᠴᠠᠭᠤᠯᠵᠤ ᠪᠤᠢ᠃ ᠠᠩᠬ᠎ᠠ ᠤᠳᠠᠭ᠎ᠠ ᠭᠷᠢᠦᠷᠧ᠂ ᠴᠧᠳ᠋ᠳᠠᠷ᠂ ᠭᠤᠤᠳᠠ᠂ ᠲᠢᠯᠽᠢᠲ ᠵᠡᠷᠭᠡ ᠠᠯᠳᠠᠷᠲᠠᠢ ᠧᠦ᠋ᠷᠣᠫᠠ ᠪᠢᠰᠢᠯᠠᠭ ᠢ ᠰᠠᠷᠯᠤᠭ ᠤᠨ ᠰᠦ ᠪᠡᠷ ᠨᠤᠲᠤᠭᠰᠢᠭᠤᠯᠤᠭᠰᠠᠨ ᠨᠢ ᠰ∙ᠴᠡᠴᠡᠭ ᠤᠨ ᠬᠥᠳᠡᠯᠮᠦᠷᠢ ᠶᠢᠨ ᠰᠢᠮ᠎ᠡ᠃ ᠦᠢᠯᠡᠳᠪᠦᠷᠢ ᠨᠢ ᠡᠷᠭᠢᠯᠲᠡ ᠶᠢᠨ ᠬᠥᠷᠥᠩᠭᠡ ᠳᠦ ᠲᠠᠭᠠᠷᠠᠭᠤᠯᠵᠤ 1-2 ᠲᠣᠨ ᠪᠢᠰᠢᠯᠠᠭ ᠵᠤᠨ ᠳᠤ ᠪᠠᠨ ᠬᠢᠵᠦ᠂ ᠪᠣᠶᠢᠵᠢᠭᠤᠯᠤᠭᠠᠳ ᠳᠠᠷᠠᠭ᠎ᠠ ᠣᠨ ᠤ ᠳᠥᠷᠪᠡᠳᠦᠭᠡᠷ ᠰᠠᠷ᠎ᠠ ᠬᠦᠷᠲᠡᠯ᠎ᠡ ᠪᠣᠷᠣᠯᠠᠭᠤᠯᠳᠠᠭ ᠪᠠᠶᠢᠨ᠎ᠠ᠃