ᠬᠣᠨᠢᠨ ᠤ ᠭᠤᠯᠤᠤᠵᠠ ᠮᠢᠬ᠎ᠠ ᠶᠢ ᠠᠭᠠᠷ ᠤᠨ ᠲᠡᠭᠡᠭᠡᠪᠦᠷᠢ ᠪᠡᠷ ᠡᠺᠰᠫᠣᠷᠲᠯᠠᠵᠤ ᠡᠬᠢᠯᠡᠪᠡ | News.MN

ᠬᠣᠨᠢᠨ ᠤ ᠭᠤᠯᠤᠤᠵᠠ ᠮᠢᠬ᠎ᠠ ᠶᠢ ᠠᠭᠠᠷ ᠤᠨ ᠲᠡᠭᠡᠭᠡᠪᠦᠷᠢ ᠪᠡᠷ ᠡᠺᠰᠫᠣᠷᠲᠯᠠᠵᠤ ᠡᠬᠢᠯᠡᠪᠡ

《ᠮᠢᠬ᠎ᠠ ᠢᠮᠫᠡᠺᠰ》ᠺᠤᠮᠫᠠᠨᠢ᠂  ᠬᠦᠳᠡᠭᠡ ᠠᠵᠤ ᠠᠬᠤᠢ ᠶᠢᠨ ᠶᠠᠮᠤᠨ᠂ ᠪᠤᠰᠤᠳ  ᠪᠠᠢᠭᠤᠯᠤᠯᠭ᠎ᠠ ᠶᠢᠨ ᠳᠡᠮᠵᠢᠯᠭᠡ ᠪᠡᠷ ᠮᠠᠨ ᠤ ᠤᠯᠤᠰ  ᠤᠢᠷᠠᠬᠢ ᠳᠣᠷᠣᠨᠠᠲᠤ ᠶᠢᠨ ᠤᠯᠤᠰ ᠤᠳ  ᠲᠤ  ᠦᠢᠯᠡᠳᠪᠤᠷᠢ ᠶᠢᠨ ᠠᠷᠭ᠎ᠠ ᠪᠠᠷ ᠲᠥᠬᠦᠭᠡᠷᠡᠭᠰᠡᠨ ᠬᠣᠨᠢᠨ ᠤ ᠭᠤᠯᠤᠤᠵᠠ ᠮᠢᠬ᠎ᠠ ᠶᠢ ᠠᠭᠠᠷ ᠤᠨ ᠲᠡᠭᠡᠭᠡᠪᠦᠷᠢ ᠪᠡᠷ ᠬᠦᠷᠭᠡᠵᠦ ᠡᠬᠢᠯᠡᠯ᠎ᠡ᠃
ᠥᠩᠭᠡᠷᠡᠭᠰᠡᠨ ᠳᠣᠯᠣᠭ᠎ᠠ ᠬᠣᠨᠣᠭ ᠲᠤ ᠬᠢᠭᠰᠡᠨ ᠠᠭᠠᠷ ᠤᠨ ᠲᠡᠭᠡᠭᠡᠪᠦᠷᠢᠯᠡᠯᠲᠡ ᠪᠡᠷ ᠬᠣᠨᠢᠨ ᠤ 4700 ᠰᠢᠷᠬᠡᠭ ᠰᠡᠪᠡᠷᠡᠭᠡᠭᠰᠡᠨ ᠭᠤᠯᠤᠤᠵᠠ ᠪᠤᠶᠤ 70 ᠲᠣᠨ ᠮᠢᠬ᠎ᠠ ᠶᠢ 72 ᠴᠠᠭ ᠤᠨ ᠳᠣᠲᠣᠷ᠎ᠠ ᠰᠢᠨᠡᠯᠢᠭ ᠪᠠᠢᠳᠠᠯ  ᠢᠶᠠᠷ ᠨᠢ ᠬᠦᠷᠭᠡᠵᠡᠢ᠃《ᠮᠢᠬ᠎ᠠ ᠢᠮᠫᠡᠺᠰ》ᠺᠣᠮᠫᠠᠨᠢ ᠴᠢᠨᠠᠭᠰᠢᠳᠠ ᠬᠣᠨᠢᠨ ᠤ ᠮᠢᠬ᠎ᠠ ᠶᠢ ᠧᠦ᠋ᠷᠣᠫᠠ᠂  ᠳᠡᠯᠡᠬᠡᠢ ᠶᠢᠨ ᠪᠤᠰᠤᠳ ᠤᠯᠤᠰ ᠲᠤ ᠪᠣᠷᠣᠯᠠᠭᠤᠯᠬᠤ ᠪᠠᠷ ᠬᠢᠴᠢᠶᠡᠵᠦ ᠪᠤᠢ ᠪᠠᠨ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ